| | — ᠴᠠᠭᠠᠨ ᠢᠳᠡᠭᠡᠨ ᠡᠵᠡᠩᠨᠡᠭᠴᠢᠳ ᠤᠨ ᠲᠤᠬᠠᠢ ᠰᠢᠷᠢᠰ ᠰᠤᠷᠪᠤᠯᠵᠢᠯᠠᠭ᠎ᠠ | ︽ᠬᠦᠬᠡᠬᠤᠲᠠ ᠶᠢᠨ ᠠᠷᠠᠯᠵᠢᠶ᠎ᠠ ᠬᠤᠳᠠᠯᠳᠤᠭᠠᠨ ᠤ ᠲᠤᠰᠬᠠᠢ ᠮᠡᠷᠭᠡᠵᠢᠯ ᠤᠨ ᠰᠤᠷᠭᠠᠭᠤᠯᠢ︾ ᠠᠴᠠ | ᠲᠡᠭᠦᠰᠴᠦ᠂ ᠲᠤᠬᠠᠢ ᠶᠢᠨ ᠦᠶ᠎ᠡ ᠳᠤ ᠪᠠᠨ ᠤᠯᠤᠰ ᠤᠨ ᠬᠤᠶᠠᠳᠤᠭᠠᠷ ᠲᠡᠰ ᠤᠨ ᠠᠵᠤ ᠠᠬᠤᠶᠢᠯᠠᠯ ᠪᠠᠶᠢᠬᠰᠠᠨ ᠠᠷᠦ | ᠬᠤᠷᠴᠢᠨ ᠬᠤᠰᠢᠭᠤᠨ ᠤ ᠢᠳᠡᠭᠡᠨ ᠤ ᠺᠤᠮᠫᠠᠨᠢ ᠳᠤ ᠠᠵᠢᠯ ᠬᠤᠪᠢᠶᠠᠷᠢᠯᠠᠬᠳᠠᠭᠰᠠᠨ ᠨᠠᠷᠠᠩᠭᠤᠸ᠎ᠠ᠂ ᠨᠦᠬᠦᠷ | ᠰᠡᠴᠡᠨᠪᠠᠭᠠᠳᠤᠷ ᠲᠠᠢ ᠪᠠᠨ 1997 ᠤᠨ ᠳᠤ ᠺᠤᠮᠫᠠᠨᠢ ᠨᠢ ᠲᠠᠮᠫᠤᠷᠠᠭᠰᠠᠨ ᠠᠴᠠ ᠠᠵᠢᠯ ᠠᠯᠳᠠᠭᠰᠠᠨ ᠪᠠᠶᠢᠪᠠ᠃ | ᠲᠡᠳᠡ ᠬᠤᠶᠠᠷ᠂ ᠬᠤᠷᠢᠳᠤᠭᠠᠷ ᠵᠠᠭᠤᠨ ᠤ ᠲᠠᠯᠠᠭᠠᠳ ᠤᠨ ᠤ ᠬᠦᠮᠦᠰ ᠤᠨ ᠠᠵᠤ ᠠᠬᠤᠶᠢᠯᠠᠯ ᠠᠴᠠ ᠠᠵᠢᠯ | ᠠᠯᠳᠠᠭᠰᠠᠳ ᠤᠨ ᠬᠠᠷᠢᠴᠠᠯ ᠠᠷᠪᠢᠨ ᠤ ᠨᠢᠬᠡ ᠳᠤ ᠤᠨᠤᠭᠳᠠᠵᠤ᠂ ᠠᠵᠢᠯ ᠠᠯᠳᠠᠭᠰᠠᠳ ᠤᠨ ᠦᠢᠯᠡᠰ ᠪᠦᠳᠦᠬᠡᠬᠦ ᠳᠤ | ᠲᠤᠯᠭᠠᠷᠠᠬᠤ ᠠᠯᠢ ᠤᠯᠠᠨ ᠠᠰᠠᠭᠤᠳᠠᠯ᠂ ᠲᠤᠬᠠᠶᠢᠯᠠᠪᠠᠯ ᠬᠤᠳᠠ ᠳᠤ ᠠᠵᠢᠯ ᠤᠯᠬᠤ ᠦᠬᠡᠢ᠂ ᠬᠦᠳᠡᠭᠡ ᠳᠤ ᠭᠠᠵᠠᠷ | ᠨᠤᠲᠤᠭ ᠦᠬᠡᠢ᠂ ᠬᠠᠮᠤᠭ ᠨᠠᠭᠠᠲᠤ ᠵᠠᠬ᠎ᠠ ᠳᠤ ᠪᠠᠨ ᠪᠠᠷᠠᠭ᠎ᠠ ᠤᠷᠤᠭᠤᠯᠬᠤ᠂ ᠬᠡᠷ ᠤᠨ ᠲᠦᠷᠢᠶᠡᠰᠦ ᠲᠤᠰᠢᠶᠠᠬᠤ | ᠵᠤᠭᠤᠰ ᠪᠠᠶᠢᠬᠤ ᠦᠬᠡᠢ᠂ ᠵᠢᠬᠡᠯᠡᠯᠬᠡ ᠴᠤ ᠤᠯᠵᠤ ᠵᠢᠬᠡᠯᠡᠬᠦ ᠦᠬᠡᠢ ᠪᠠᠶᠢᠬᠰᠠᠨ᠂ ᠨᠠᠰᠤᠵᠢᠯ ᠤᠨ ᠲᠠᠭᠠᠳᠬᠠᠯ ᠢᠶᠠᠨ | ᠦᠪᠡᠷ ᠢᠶᠠᠨ ᠯᠡ ᠲᠤᠰᠢᠶᠠᠬᠤ ᠮᠦᠷᠳᠡᠭᠡᠨ 60% ᠶᠢ ᠯᠡ ᠲᠤᠰᠢᠶᠠᠵᠤ ᠬᠦᠴᠦᠷᠡᠬᠦ ᠮᠡᠲᠦ ᠵᠦᠢᠯ ᠵᠦᠢᠯ ᠤᠨ | ᠬᠦᠴᠢᠷ ᠢ ᠢᠯᠠᠨ ᠲᠠᠪᠠᠭᠠᠳ᠂ ᠦᠨᠦ ᠬᠤᠰᠢᠭᠤᠨ ᠲᠦᠪ ᠴᠢᠪᠠᠭ᠎ᠠ ᠪᠠᠯᠭᠠᠰᠤᠨ ᠳᠤ ᠪᠠᠨ ᠴᠠᠭᠠᠨ ᠢᠳᠡᠭᠡᠨ ᠤ | ᠲᠡᠯᠭᠡᠭᠦᠷ ᠡᠵᠡᠩᠨᠡᠭᠡᠳ ᠨᠢᠬᠡᠨᠳᠡ 10 ᠵᠢᠯ ᠤᠨ ᠨᠢᠭᠤᠷ ᠦᠵᠡᠵᠦ ᠵᠠᠬ᠎ᠠ ᠲᠡᠭᠡᠷ᠎ᠡ ᠦᠪᠡᠷ ᠤᠨ ᠬᠡᠰᠡᠨ ᠪᠠᠶᠢᠷᠢ | ᠰᠠᠭᠤᠷᠢ ᠪᠠᠨ ᠤᠯᠤᠬᠰᠠᠨ ᠪᠠᠶᠢᠭ᠎ᠠ᠃ | ᠲᠡᠳᠡ ᠬᠤᠶᠠᠷ ᠠᠵᠢᠯ ᠠᠯᠳᠠᠭᠰᠠᠨ ᠲᠤᠬᠠᠢ ᠶᠢᠨ ᠵᠢᠯ ᠳᠤ ᠪᠠᠨ ᠬᠦᠳᠡᠭᠡ ᠳᠤ ᠪᠠᠨ ᠪᠤᠴᠠᠵᠤ᠂ | ᠪᠤᠰᠤᠳ ᠤᠨ ᠭᠠᠵᠠᠷ ᠢ ᠲᠦᠷᠢᠶᠡᠰᠦᠯᠡᠨ ᠠᠪᠴᠤ᠂ ᠨᠠᠢᠮᠠᠨ ᠵᠢᠯ ᠢᠯᠡᠬᠦᠦ ᠲᠠᠷᠢᠶ᠎ᠠ ᠲᠠᠷᠢᠵᠤ᠂ ᠮᠠᠯ ᠮᠠᠯᠵᠢᠬᠰᠠᠨ | ᠪᠠᠶᠢᠪᠠ᠃ | 2005 ᠤᠨ ᠳᠤ ᠲᠠᠬᠢᠨ ᠴᠢᠪᠠᠭ᠎ᠠ ᠪᠠᠯᠭᠠᠰᠤᠨ ᠳᠤ ᠪᠤᠴᠠᠨ ᠢᠷᠡᠵᠦ᠂ 2006 ᠤᠨ ᠠᠴᠠ | ᠰᠡᠴᠡᠨᠪᠠᠭᠠᠳᠤᠷ ᠬᠤᠰᠢᠭᠤᠨ ᠤ ᠮᠠᠯ ᠠᠵᠤ ᠠᠬᠤᠢ ᠶᠢᠨ ᠲᠤᠪᠴᠢᠶᠠᠨ ᠳᠤ ᠲᠦᠷ ᠴᠠᠭ ᠤᠨ ᠠᠵᠢᠯᠳᠠᠨ ᠢᠶᠠᠷ 2011 | ᠤᠨ ᠪᠤᠯᠳᠠᠯ᠎ᠠ ᠠᠵᠢᠯᠯᠠᠬᠰᠠᠨ ᠪᠤᠯ᠂ ᠨᠠᠷᠠᠩᠭᠤᠸ᠎ᠠ ᠲᠡᠳᠡᠭᠡᠷ ᠬᠡᠳᠦᠨ ᠵᠢᠯ ᠤᠨ ᠬᠤᠭᠤᠴᠠᠭᠠᠨ ᠳᠤ ᠤᠷᠢᠳ | ᠬᠤᠵᠢᠳ ᠵᠢᠵᠢᠭ ᠬᠤᠭᠤᠯᠠᠨ ᠭᠡᠷ ᠡᠷᠬᠢᠯᠡᠬᠦ᠂ ᠢᠬᠢᠷ ᠰᠢᠬᠢᠷ ᠤᠶᠤᠳᠠᠯ ᠢ ᠬᠠᠪᠰᠤᠷᠭᠠᠭᠰᠠᠨ ᠰᠤᠷᠭᠠᠭᠤᠯᠢ ᠶᠢᠨ | ᠭᠠᠳᠠᠨ᠎ᠠ ᠰᠠᠭᠤᠬᠤ ᠰᠤᠷᠤᠭᠴᠢ ᠶᠢᠨ ᠬᠤᠭᠤᠯᠠ ᠪᠤᠳᠠᠭ᠎ᠠ ᠶᠢ ᠲᠠᠭᠠᠭᠠᠵᠤ ᠬᠢᠬᠦ ᠵᠢᠴᠢ ᠬᠤᠪᠴᠠᠰᠤ ᠤᠬᠢᠶᠠᠬᠤ ᠭᠠᠵᠠᠷ | ᠪᠠ ᠪᠠᠭᠰᠤᠷᠭ᠎ᠠ ᠬᠤᠳᠠᠯᠳᠤᠬᠤ ᠲᠡᠯᠭᠡᠬᠦᠷ ᠲᠤ ᠬᠦᠴᠦ ᠶᠠᠪᠤᠬᠤ ᠵᠡᠷᠭᠡ ᠪᠠᠷ 2010 ᠤᠨ ᠪᠤᠯᠳᠠᠯ᠎ᠠ ᠴᠠᠭ ᠵᠠᠪ | ᠦᠬᠡᠢ ᠠᠵᠢᠯ ᠡᠷᠢᠨ᠂ ᠠᠮᠢᠳᠤᠷᠠᠯ ᠠᠬᠤᠢ ᠪᠠᠨ ᠲᠡᠭᠡᠭᠰᠢ ᠲᠠᠲᠠᠬᠤ ᠪᠠᠷ ᠠᠷᠭ᠎ᠠ ᠵᠠᠮ ᠬᠦᠬᠡᠭᠡᠴᠡᠯᠳᠦᠭᠰᠡᠨ ᠪᠠᠶᠢᠵᠠᠢ᠃ | | ᠲᠡᠳᠡ ᠬᠤᠶᠠᠷ᠂ 2011ᠤᠨ ᠤ 7 ᠰᠠᠷ᠎ᠠ ᠳᠤ 42 ᠲᠡᠭᠰᠢ ᠲᠦᠷᠪᠡᠯᠵᠢᠨ ᠮᠧᠲᠷ ᠲᠠᠯᠠᠪᠠᠢ ᠲᠠᠢ | ᠬᠤᠳᠠᠯᠳᠤᠭᠠᠨ ᠤ ᠠᠰᠠᠷ ᠲᠦᠷᠢᠶᠡᠰᠦᠯᠡᠨ᠂ 4 ᠲᠦᠮᠡᠨ ᠲᠦᠭᠦᠷᠢᠭ ᠤᠨ ᠪᠡᠯᠡ ᠤᠷᠤᠭᠤᠯᠵᠤ᠂ ︽ᠠᠵᠢᠨᠠᠢ ᠴᠠᠭᠠᠨ | ᠢᠳᠡᠭᠡᠨ ᠤ ᠲᠡᠯᠭᠡᠬᠦᠷ︾ ᠢᠶᠠᠨ ᠡᠷᠦᠬᠡ ᠰᠡᠭᠦᠭᠰᠡᠨ ᠪᠠᠶᠢᠨ᠎ᠠ᠃ | | | | ᠳᠠᠩᠰᠠ ᠲᠤᠭᠠᠴᠠᠭ᠎ᠠ ᠬᠢᠵᠦ ᠴᠠᠭᠠᠷᠠᠭᠰᠠᠨ ᠨᠠᠷᠠᠩᠭᠤᠸ᠎ᠠ ᠶᠢᠨ ᠡᠷᠬᠢᠴᠡᠭᠦᠯᠦᠯ ᠠᠴᠠ ᠦᠵᠡᠬᠦ ᠳᠤ᠂ ᠰᠠᠶ᠋ᠢ | ᠡᠬᠢᠯᠡᠬᠦ ᠳᠤ ᠪᠠᠨ ᠪᠠᠷᠠᠭ᠎ᠠ ᠤᠷᠤᠭᠤᠯᠬᠤ ᠭᠠᠵᠠᠷ ᠢᠶᠠᠨ ᠴᠤ ᠮᠡᠳᠡᠬᠦ ᠦᠬᠡᠢ ᠪᠠᠶᠢᠵᠤ᠂ ᠡᠬᠢᠨ ᠤ ᠵᠢᠯ ᠤᠨ ᠤᠷᠤᠯᠭ᠎ᠠ | ᠨᠢ ᠬᠡᠷ ᠤᠨ ᠲᠦᠷᠢᠶᠡᠰᠦ ᠪᠠ ᠵᠠᠷᠤᠳᠠᠯ ᠳᠤ ᠪᠠᠨ ᠲᠠᠭᠠᠷᠠᠴᠢᠬᠠᠬᠰᠠᠨ ᠪᠠᠶᠢᠯ᠎ᠠ᠃ ᠡᠬᠢᠨ ᠤ ᠭᠤᠷᠪᠠᠨ ᠰᠠᠷ᠎ᠠ ᠶᠢᠨ | ᠬᠤᠭᠤᠴᠠᠭᠠᠨ ᠳᠤ ᠡᠳᠦᠷ ᠲᠤ ᠬᠠᠮᠤᠭ ᠠᠷᠪᠢᠨ ᠳᠤ ᠪᠠᠨ 300 ᠲᠦᠭᠦᠷᠢᠭ ᠤᠨ ᠪᠠᠷᠠᠭ᠎ᠠ ᠬᠤᠳᠠᠯᠳᠤᠵᠤ᠂ ᠬᠠᠮᠤᠭ | ᠪᠠᠭ᠎ᠠ ᠳᠤ ᠪᠠᠨ 37 ᠲᠦᠬᠦᠷᠢᠭ ᠤᠨ ᠪᠠᠷᠠᠭ᠎ᠠ ᠴᠤ ᠬᠤᠳᠠᠯᠳᠤᠭᠰᠠᠨ ᠤᠳᠠᠭ᠎ᠠ ᠲᠠᠢ᠃ ᠲᠤᠬᠠᠢ ᠶᠢᠨ ᠦᠶ᠎ᠡ ᠳᠤ | ᠡᠳᠦᠷ ᠲᠤ 280 ᠲᠦᠬᠦᠷᠢᠭ ᠤᠨ ᠪᠠᠷᠠᠭ᠎ᠠ ᠬᠤᠳᠠᠯᠳᠤᠬᠤ ᠳᠤ ᠬᠦᠷᠪᠡᠯ ᠬᠡᠷ ᠤᠨ ᠲᠦᠷᠢᠶᠡᠰᠦ ᠳᠤ ᠪᠠᠨ ᠲᠠᠭᠠᠷᠠᠨ᠎ᠠ᠃ | ᠬᠡᠷᠪᠡ 300 ᠬᠤᠳᠠᠯᠳᠤᠬᠤ ᠳᠤ ᠬᠦᠷᠪᠡᠯ ᠬᠡᠳᠦᠨ ᠲᠦᠬᠦᠷᠢᠭ ᠦᠯᠡᠳᠡᠬᠦ ᠤᠬᠠᠭᠠᠨᠲᠠᠢ᠃ 10 ᠰᠠᠷ᠎ᠠ ᠠᠴᠠ ᠨᠢ | ᠰᠡᠭᠦᠯᠡᠷ ᠤᠷᠤᠯᠭ᠎ᠠ ᠲᠠᠢ ᠪᠤᠯᠵᠤ ᠡᠳᠦᠷ ᠶᠠᠪᠤᠬᠤ ᠲᠤᠳᠤᠮ ᠰᠠᠶᠢᠵᠢᠷᠠᠨ ᠤᠳᠤ᠂ ᠡᠳᠦᠷ ᠪᠦᠷᠢ 1500 | ᠲᠦᠬᠦᠷᠢᠭ ᠤᠨ ᠪᠠᠷᠠᠭ᠎ᠠ ᠬᠤᠳᠠᠯᠳᠤᠬᠤ ᠪᠠᠷ ᠪᠤᠳᠤᠪᠠᠯ ᠰᠠᠷ᠎ᠠ ᠳᠤ 45000 ᠤᠯᠵᠤ᠂ ᠴᠡᠪᠡᠷ ᠤᠷᠤᠯᠭ᠎ᠠ 5—7 | ᠮᠢᠩᠭ᠎ᠠ ᠢᠯᠡᠬᠦᠦ ᠦᠯᠡᠳᠡᠨ᠎ᠡ᠃ | ᠴᠠᠭᠠᠨ ᠢᠳᠡᠭᠡᠨ ᠤ ᠪᠠᠨ ᠴᠤᠯ ᠪᠠᠶᠢᠭᠠᠯᠢᠯᠢᠭ᠂ ᠴᠢᠨᠠᠷ ᠬᠤᠯᠢᠴᠠ ᠦᠬᠡᠢ ᠪᠠᠶᠢᠬᠤ ᠵᠡᠷᠭᠡ ᠶᠢ ᠠᠩᠬᠠᠷᠴᠤ᠂ | ᠬᠡᠷᠡᠭᠯᠡᠭᠴᠢᠳ ᠤᠨ ᠡᠮᠦᠨ᠎ᠡ ᠠᠴᠠ ᠪᠤᠳᠤᠯᠬᠢᠯᠠᠵᠤ᠂ ᠬᠠᠩᠰᠢ ᠦᠨ᠎ᠡ ᠲᠤᠬᠢᠷᠠᠮᠵᠢᠲᠠᠢ᠂ ᠬᠠᠯᠠᠭᠤᠮᠰᠤᠭ ᠢᠶᠠᠷ | ᠦᠢᠯᠡᠴᠢᠯᠡᠳᠡᠭ ᠪᠤᠯᠬᠤᠷ ᠤᠯᠤᠰ ᠤᠨ ᠲᠤᠳᠤᠨ᠎ᠠ ᠭᠠᠳᠠᠨ᠎ᠠ ᠶᠢᠨ ᠬᠡᠷᠡᠭᠯᠡᠭᠴᠢᠳ ᠪᠦᠷ ᠲᠡᠭᠦᠨ ᠤ ᠴᠠᠭᠠᠨ ᠢᠳᠡᠭᠡᠨ ᠢ | ᠨᠢ ᠵᠠᠬᠢᠶᠠᠯᠠᠵᠤ ᠠᠪᠠᠴᠢᠨ᠎ᠠ᠃ ᠮᠠᠨ ᠤ ᠬᠤᠰᠢᠭᠤᠨ ᠤ ᠭᠠᠳᠠᠨ᠎ᠠ ᠠᠵᠢᠯᠯᠠᠵᠤ ᠠᠮᠢᠳᠤᠷᠠᠵᠤ ᠪᠠᠶᠢᠭ᠎ᠠ ᠬᠦᠮᠦᠰ | ᠲᠡᠳᠡᠨ ᠤ ᠲᠡᠯᠭᠡᠭᠦᠷ ᠠᠴᠠ ᠤᠷᠲᠤ ᠬᠤᠭᠤᠴᠠᠭ᠎ᠠ ᠪᠠᠷ ᠬᠤᠷᠤᠳ ᠰᠢᠷ᠎ᠠ ᠲᠤᠰᠤ ᠡᠭᠡᠵᠡᠬᠡᠢ ᠠᠪᠠᠴᠢᠳᠠᠭ᠃ | ᠵᠢᠱᠢᠶᠡᠯᠡᠪᠡᠯ ᠪᠡᠭᠡᠵᠢᠩ᠂ ᠲᠢᠶᠠᠨᠵᠢᠨ᠂ ᠱᠠᠩᠬᠠᠢ᠂ ᠬᠦᠬᠡᠬᠤᠲᠠ ᠶᠢᠨ ᠭᠡᠳ ᠲᠤᠭᠳᠠᠭᠰᠠᠨ ᠪᠠᠷᠠᠭ᠎ᠠ ᠵᠠᠬᠢᠶᠠᠯᠠᠬᠴᠢᠳ | ᠲᠠᠢ᠃ ᠨᠡᠩ ᠴᠤ ᠶᠠᠫᠤᠨ ᠳᠤ ᠰᠤᠷᠤᠯᠴᠠᠵᠤ ᠪᠠᠶᠢᠭ᠎ᠠ ᠬᠦᠮᠦᠰ ᠲᠡᠭᠦᠨ ᠤ ᠲᠡᠯᠬᠡᠬᠦᠷ ᠤᠨ ᠴᠠᠭᠠᠨ ᠢᠳᠡᠭᠡᠨ ᠢ ᠮᠡᠳᠡᠬᠦ | ᠪᠤᠯᠬᠤᠷ ᠨᠤᠳᠤᠭ ᠡᠷᠬᠢᠬᠦ ᠪᠠᠷ ᠢᠷᠡᠭᠡᠳ ᠪᠤᠴᠠᠬᠤ ᠳᠤ ᠪᠠᠨ ᠶᠡᠷᠦᠳᠡᠭᠡᠨ ᠬᠤᠷᠤᠳ ᠰᠢᠷ᠎ᠠ ᠲᠤᠰᠤ ᠠᠪᠳᠠᠭ ᠪᠠᠶᠢᠪᠠ᠃ | | | | ᠵᠢᠯ ᠴᠠᠭᠠᠨ ᠰᠠᠷ᠎ᠠ ᠶᠢᠨ ᠬᠦᠭᠵᠢᠶᠡᠨᠳᠦ ᠦᠶ᠎ᠡ ᠳᠤ ᠡᠳᠦᠷ ᠤᠨ 5000 — 10000 ᠲᠦᠬᠦᠷᠢᠭ ᠤᠨ | ᠤᠷᠤᠯᠭ᠎ᠠ ᠪᠤᠯ ᠠᠰᠠᠭᠤᠳᠠᠯ ᠦᠬᠡᠢ ᠬᠡᠵᠦ ︽ᠠᠵᠢᠨᠠᠢ ᠴᠠᠭᠠᠨ ᠢᠳᠡᠭᠡᠨ︾ ᠤ ᠡᠵᠡᠭᠳᠡᠢ ᠲᠠᠭᠠᠭᠠᠮᠠᠯ ᠨᠠᠷᠠᠩᠭᠤᠸ᠎ᠠ | ᠢᠳᠡᠭᠡᠯ ᠤᠮᠤᠭᠰᠢᠯ ᠲᠡᠭᠦᠯᠳᠡᠷ ᠲᠠᠨᠢᠯᠴᠠᠭᠤᠯᠤᠯ᠎ᠠ᠃ | — ︽ᠬᠤᠶᠢᠰᠢᠳᠠ ᠴᠠᠭᠠᠨ ᠢᠳᠡᠭᠡᠨ ᠤ ᠴᠢᠨᠠᠷ ᠴᠢᠨᠰᠠᠭ᠎ᠠ ᠪᠠᠨ ᠤᠯᠠᠮ ᠰᠠᠶᠢᠵᠢᠷᠠᠭᠤᠯᠬᠤ ᠶᠢ ᠪᠤᠳᠤᠵᠤ᠂ | ᠬᠡᠦᠬᠡᠳ ᠲᠡᠭᠦᠦ ᠨᠠᠷ ᠲᠠᠢ ᠪᠠᠨ ᠬᠤᠪᠢ ᠨᠡᠶᠢᠯᠡᠬᠦᠯᠦᠨ ᠬᠤᠷᠰᠢᠶᠠᠵᠢᠯ ᠪᠠᠶᠢᠭᠤᠯᠤᠨ᠂ ᠴᠠᠭᠠᠨ ᠢᠳᠡᠭᠡᠨ ᠤ ᠲᠦᠷᠦᠯ | ᠵᠦᠢᠯ ᠢᠶᠠᠨ ᠨᠡᠮᠡᠭᠳᠡᠬᠦᠯᠬᠦ᠂ ᠦᠢᠯᠡᠳᠪᠦᠷᠢᠯᠡᠯ ᠢᠶᠠᠨ ᠦᠷᠭᠡᠳᠬᠡᠬᠦ ᠲᠤᠬᠠᠶᠢᠯᠠᠪᠠᠯ᠄ ᠬᠤᠷᠤᠳ᠂ ᠬᠦᠭᠡᠷᠡᠭᠦᠯᠦᠭᠰᠡᠨ | ᠦᠷᠦᠮ᠎ᠡ᠂ ᠰᠢᠷ᠎ᠠ ᠲᠤᠰᠤ᠂ ᠠᠶᠢᠷᠠᠭ᠂ ᠲᠠᠷᠠᠭ᠂ ᠠᠭᠠᠷᠤᠤᠯ᠂ ᠡᠭᠡᠵᠡᠬᠡᠢ᠂ ᠴᠡᠭᠡ ᠵᠡᠷᠭᠡ ᠮᠤᠩᠭᠤᠯ ᠤᠯᠠᠮᠵᠢᠯᠠᠯᠲᠤ | ᠴᠠᠭᠠᠨ ᠢᠳᠡᠭᠡᠨ ᠢ ᠦᠪᠡᠷ ᠤᠨ ᠭᠠᠷ ᠢᠶᠠᠷ ᠢᠶᠠᠨ ᠬᠢᠵᠦ ᠡᠳ᠋ᠰᠢᠬᠦᠯᠬᠦ︾ ᠲᠦᠰᠦᠪ ᠲᠦᠯᠦᠪᠯᠡᠭᠡ ᠪᠠᠨ ᠨᠠᠷᠠᠩᠭᠤᠸ᠎ᠠ | ᠪᠠᠰᠠ ᠰᠤᠷᠪᠤᠯᠵᠢᠯᠠᠬᠴᠢ ᠳᠤ ᠶᠠᠷᠢᠬᠰᠠᠨ ᠪᠠᠶᠢᠭ᠎ᠠ᠃ | ᠠᠵᠢᠯᠴᠢ ᠬᠦᠮᠦᠨ ᠢ ᠠᠮᠢᠳᠤᠷᠠᠯ ᠢᠪᠡᠭᠡᠳᠡᠭ ᠶᠤᠮ᠃ ᠰᠡᠴᠡᠨᠪᠠᠭᠠᠳᠤᠷ᠂ ᠨᠠᠷᠠᠩᠭᠤᠸ᠎ᠠ ᠬᠤᠶᠠᠷ ᠦᠪᠡᠷ ᠤᠨ | ᠤᠶᠤᠨ ᠤᠬᠠᠭᠠᠨ᠂ ᠠᠷᠢᠭᠤᠨ ᠴᠠᠭᠠᠨ ᠬᠦᠳᠡᠯᠮᠦᠷᠢ ᠪᠠᠷ ᠢᠶᠠᠨ ᠢᠳᠡᠭᠡᠯ ᠤᠨ ᠴᠠᠭᠠᠨ ᠮᠦᠷ ᠲᠠᠢ ᠦᠢᠯᠡᠰ | ᠴᠤᠭᠴᠠᠯᠠᠨ᠂ ᠠᠵᠠ ᠬᠡᠶᠢᠮᠦᠷᠢ ᠲᠠᠢ ᠶᠠᠪᠤᠨ᠎ᠠ᠃ | | ᠬᠠᠮ ᠵᠠᠭᠤᠴᠢᠯᠠᠭᠤᠷ ᠤᠨ ᠰᠤᠷᠪᠤᠯᠵᠢᠯᠠᠬᠴᠢ ᠪᠠᠯᠴᠢᠷᠤᠳ ᠤᠷᠠᠨᠲ᠋ᠠᠨᠠ᠂ ᠰᠠᠷᠠᠨᠬᠤᠸᠠᠷ | |