ᠦᠷᠯᠤᠭᠡ ᠪᠢ ᠤᠯᠤᠰ ᠤᠨ ᠲᠠᠭᠤᠤ ᠶᠢᠨ ᠢᠶᠠᠨ ᠬᠠᠨᠭ᠍ᠬᠢᠨᠠᠭᠠᠨ ᠳᠤ ᠰᠡᠷᠡᠯ᠎ᠡ
ᠨᠡᠶᠢᠲᠡᠯᠡᠭᠰᠡᠨ ᠴᠠᠭ᠄
2020/11/25
                                 ᠠᠶᠢᠺᠪᠠᠶᠢᠷ · ᠮᠢᠵᠢᠲ ︵ᠬᠠᠰᠠᠭ ᠦᠨᠳᠤᠰᠣᠳᠠᠨ︶ ᠵᠤᠬᠢᠶᠠᠪᠠ                                  ᠠᠷᠳᠠᠢ ᠤᠷᠴᠢᠭᠤᠯᠪᠠ      ᠪᠤᠰᠴᠠᠭ᠎ᠠ᠂ ᠪᠤᠭᠤᠯ ᠪᠤᠯᠬᠤ ᠲᠤᠷ᠎ᠠ ᠦᠭᠡᠢ ᠬᠦᠮᠤᠰ ᠡ      ᠴᠢᠰᠤ ᠮᠢᠬ᠎ᠠ ᠪᠠᠷ ᠢᠶᠠᠨ ᠪᠢᠳᠡ      ᠰᠢᠨ᠎ᠡ ᠴᠠᠭᠠᠨ ᠬᠡᠷᠡᠮ ᠢᠶᠠᠨ ᠪᠠᠶᠢᠭᠤᠯᠤᠶ᠎ᠠ ᠭᠡᠰᠡᠨ      ᠠᠭᠤᠤ ᠤᠯᠤᠰ ᠤᠨ ᠢᠶᠠᠨ ᠰᠦᠯᠳᠡ ᠲᠠᠭᠤᠤ ᠶᠢᠨ ᠬᠠᠨᠭ᠍ᠬᠢᠨᠠᠭᠠᠨ ᠳᠤ ᠪᠢ ᠰᠡᠷᠡᠯ᠎ᠡ      ᠠᠶᠢᠵᠠᠮ ᠬᠦᠭ ᠨᠢ ᠶᠠᠭᠤᠳᠠᠢ ᠪᠠᠳᠠᠷᠠᠭᠤᠨ ᠪᠤᠢ      ᠠᠮᠤᠷ ᠢ ᠬᠠᠮᠠᠭᠠᠯᠠᠭᠴᠢᠳ ᠠᠰᠠᠷ ᠤᠨ ᠡᠮᠤᠨ᠎ᠡ      ᠤᠯᠤᠰ ᠤᠨ ᠲᠤᠭ ᠢ ᠮᠠᠨᠳᠣᠭᠤᠯᠵᠤ ᠪᠠᠶᠢᠯ᠎ᠠ      ᠤᠷᠬᠢᠯᠤᠮ᠎ᠠ ᠵᠢᠪᠬᠤᠭᠠᠳᠤ ᠡᠷ᠎ᠡ ᠬᠦᠮᠤᠨ ᠤ ᠬᠤᠭᠤᠯᠠᠢ ᠪᠠᠷ      ᠤᠮᠤᠭᠯᠠᠭᠤᠨ ᠢᠶᠠᠷ ᠬᠠᠮᠳᠤ ᠲᠠᠭᠤᠯᠠᠭᠰᠠᠨ ᠲᠠᠭᠤᠤ ᠨᠢ      ᠤᠶᠢᠷ᠎ᠠ ᠲᠤᠭᠤᠷᠢᠨ ᠳᠤ ᠮᠢᠨᠢ ᠴᠤᠤᠷᠢᠶᠠᠳᠤᠵᠤ ᠪᠠᠶᠢᠯ᠎ᠠ᠃      ᠡᠨᠡ ᠪᠤᠯ      ᠡᠬᠡ ᠤᠯᠤᠰ ᠤᠨ ᠮᠢᠨᠢ ᠮᠡᠨᠳᠤᠯᠡᠭᠰᠡᠨ ᠲᠠᠯᠠᠨ ᠵᠢᠯ ᠤᠨ ᠤᠢ ᠶᠢᠨ ᠪᠠᠶᠠᠷ ᠲᠤ ᠰᠣᠨᠣᠰᠣᠭᠰᠠᠨ      ᠡᠷᠳᠡ ᠶᠢᠨ ᠤᠭᠳᠠᠷᠭᠤᠢ ᠳᠤ ᠬᠦᠡᠭᠬᠢᠨᠡᠭᠰᠡᠨ ᠠᠩᠬᠠᠳᠠᠭᠴᠢ ᠲᠠᠭᠤᠤ      ᠡᠨᠡ ᠲᠠᠭᠤᠤ ᠳᠤ ᠪᠢ ᠲᠤᠭᠳᠤᠯᠣᠨ᠎ᠠ      ᠡᠨᠡ ᠲᠠᠭᠤᠤ ᠶᠢᠨ ᠲᠦᠯᠤᠭᠡ ᠪᠢ      ᠬᠠᠤᠯᠢ ᠲᠤᠭᠳᠠᠭᠠᠬᠤ ᠲᠤᠷᠠᠳᠤᠯᠭ᠎ᠠ ᠭᠠᠷᠭᠠᠵᠤ ᠦᠡᠭᠭᠡᠷᠡᠭᠰᠡᠨ      ᠬᠠᠷᠢᠨ ᠤᠳᠤ ᠲᠡᠬᠦᠨ ᠤ ᠢᠷᠠᠭᠤ ᠡᠭᠡᠰᠢᠭ      ᠬᠠᠵᠠᠭᠤ ᠳᠤ ᠮᠢᠨᠢ ᠬᠠᠨᠭ᠍ᠬᠢᠨᠠᠨ ᠲᠤᠯᠭᠢᠶᠠᠯᠠᠵᠤ ᠪᠠᠶᠢᠨ᠎ᠠ      ᠡᠬᠡ ᠤᠯᠤᠰ ᠤᠨ ᠮᠢᠨᠢ ᠨᠡᠶᠢᠰᠯᠡᠯ ᠠᠴᠠ ᠴᠠᠰᠣᠳᠤ ᠠᠭᠤᠯᠠ᠂ ᠲᠠᠯ᠎ᠠ ᠨᠤᠳᠤᠭ      ᠡᠮᠤᠨᠡᠳᠤ ᠲᠠᠯᠠᠢ ᠶᠢᠨ ᠠᠷᠠᠯ ᠬᠤᠶᠢᠭ ᠬᠦᠷᠳᠠᠯ᠎ᠠ      ᠦᠨᠳᠤᠰᠤᠳᠠᠨ ᠨᠦᠭᠦᠳ ᠤᠨ ᠠᠷᠠᠳ ᠲᠦᠮᠡᠨ      ᠲᠠᠪᠤᠨ ᠤᠳᠤᠳᠤ ᠤᠯᠠᠭᠠᠨ ᠲᠤᠭ ᠤᠨ ᠲᠤᠤᠷ᠎ᠡ      ᠲᠠᠷᠬᠠᠨ ᠲᠠᠭᠤᠤ ᠪᠠᠨ ᠬᠠᠨᠭ᠍ᠬᠢᠨᠠᠳᠠᠯ᠎ᠠ ᠲᠠᠭᠤᠯᠠᠵᠤ      ᠬᠠᠯᠠᠭᠤᠨ ᠵᠢᠷᠤᠬᠡ ᠪᠠᠨ ᠬᠠᠮᠳᠤ ᠲᠤᠭᠳᠤᠯᠣᠭᠤᠯᠵᠤ      ᠬᠠᠶᠢᠷ᠎ᠠ ᠶᠢᠨ ᠰᠡᠳᠬᠢᠯ ᠢᠶᠠᠨ ᠨᠢᠭᠳᠠ ᠬᠤᠯᠪᠤᠵᠤ      ᠬᠠᠯᠠᠮᠵᠢᠳᠤ ᠤᠯᠤᠰ ᠤᠨ ᠢᠶᠠᠨ ᠲᠠᠯᠠᠨ ᠨᠠᠰᠣᠨ ᠤ ᠪᠠᠶᠠᠷ ᠢ      ᠬᠠᠮᠳᠤ ᠪᠠᠷ ᠪᠡᠯᠭᠡᠯᠡᠬᠦ ᠳᠤ      ᠬᠠᠨᠣᠮᠰᠢᠯ ᠤᠮᠤᠭᠰᠢᠯ      ᠬᠠᠨᠠᠭᠠᠷ ᠴᠡᠭᠡᠵᠢᠨ ᠳᠤ ᠮᠢᠨᠢ  ᠡᠷᠬᠡ ᠦᠭᠡᠢ ᠴᠠᠯᠬᠢᠨ᠎ᠠ                          ︽ᠦᠨᠳᠤᠰᠤᠲᠠᠨ ᠤ ᠤᠳᠬ᠎ᠠ ᠵᠤᠬᠢᠶᠠᠯ︾ ᠤᠨ 2020 ᠤᠨ ᠤ                                   2 ᠳ᠋ᠤᠭᠠᠷ ᠬᠤᠭᠤᠴᠠᠭ᠎ᠠ ᠠᠴᠠ ᠰᠣᠩᠭᠤᠪᠠ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号