ᠳ᠋ᠦ᠋ ᠶᠠ ᠵᠣᠬᠢᠶᠠᠪᠠ | ᠲᠤ᠋· ᠰᠡᠴᠡᠨᠪᠠᠶᠠᠷ ᠤᠷᠴᠢᠭᠤᠯᠪᠠ | ᠡᠰᠡᠨᠢᠬᠦ ᠲᠤᠶᠠᠭᠠᠨ ᠲᠤᠳᠤᠷ᠎ᠠ ᠠᠴᠠ ᠬᠡᠳᠤᠨ ᠬᠤᠪᠢ ᠶᠢᠨ ᠠᠪᠢᠶᠠᠰ ᠲᠠᠢ ᠢᠷᠡᠬᠦ ᠳᠤ ᠪᠠᠨ ᠪᠢ | ᠡᠭᠦᠨ ᠤ ᠳᠣᠳᠣᠷ᠎ᠠ ᠵᠠᠭᠤᠨ ᠬᠠᠪᠤᠷ ᠤᠨ ᠲᠤᠯᠬᠢᠶ᠎ᠠ ᠨᠠᠮ᠎ᠠ ᠶᠢ ᠬᠦᠯᠢᠶᠡᠭᠡ ᠡᠰᠡᠬᠦ ᠶᠢ ᠮᠡᠳᠡᠪᠡ ᠤᠤ ᠳ᠋ᠠ | ᠡᠩ ᠦᠭᠡᠢ ᠬᠠᠪᠤᠷ ᠤᠨ ᠪᠤᠷᠤᠭᠠᠨᠠ ᠬᠡᠳᠣᠨ ᠦᠶ᠎ᠡ ᠶᠢᠨ ᠲᠤᠭᠤᠷ ᠤᠨ ᠴᠡᠴᠡᠭ ᠵᠤᠯᠭᠠᠷᠠᠵᠠᠢ᠂ | ᠬᠠᠨᠭ᠍ᠭᠠᠢ ᠬᠤᠭᠤᠰᠤᠨ ᠭᠡᠷᠡᠯ ᠤᠨ ᠵᠢᠯ ᠢ ᠤᠷᠤᠰᠬᠠᠵᠤ | ᠬᠠᠷᠢᠨ ᠡᠳᠣᠭᠡ ᠵᠡᠭᠡᠯᠢ ᠶᠢᠨ ᠬᠠᠵᠠᠭᠤ ᠶᠢᠨ ᠤᠨᠵᠢᠬᠢᠷ ᠤᠯᠢᠶᠠᠰᠤ ᠯᠠ ᠦᠯᠡᠳᠡᠵᠠᠢ | ᠬᠠᠪᠤᠷ ᠤᠨ ᠰᠠᠯᠬᠢᠨ ᠰᠦᠷ ᠨᠠᠮᠪᠠᠭ᠎ᠠ ᠲᠠᠢ | | | ᠬᠦᠷᠢᠶᠡᠯᠡᠩ ᠤᠨ ᠲᠠᠷᠢᠶᠠᠨ ᠳᠤᠮᠳᠠᠭᠤᠷ ᠠᠯᠬᠤᠵᠤ᠂ ᠨᠤᠭᠤᠭᠠᠨ ᠲᠠᠯᠠᠩ ᠢᠶᠠᠷ ᠨᠢ ᠵᠤᠷᠴᠢᠵᠤ ᠪᠢ | ᠭᠡᠨᠡᠳᠳᠠ ᠰᠡᠳᠬᠢᠯ ᠤᠨ ᠲᠤᠭᠳᠣᠯᠣᠯᠳᠡ ᠲᠣᠳᠤᠷ᠎ᠠ ᠪᠠᠨ ᠵᠤᠭᠰᠣᠵᠤ᠂ ᠲᠡᠭᠡᠭᠡᠳ ᠪᠤᠳᠤᠨᠠᠮ᠄ | ᠮᠢᠨᠤ ᠠᠯᠬᠤᠵᠤ ᠪᠤᠢ ᠲᠠᠷᠢᠶᠠᠨ ᠲᠤᠮᠳᠠᠭᠤᠷ ᠮᠢᠩᠭᠠᠨ ᠵᠢᠯ ᠤᠨ ᠲᠤᠷᠰᠢ ᠬᠦᠮᠤᠨ ᠶᠠᠪᠤᠭᠰᠠᠨ ᠯᠠ ᠪᠠᠶᠢᠬ᠎ᠠ | ᠮᠢᠨᠤ ᠵᠤᠷᠴᠢᠵᠤ ᠪᠤᠢ ᠲᠠᠯᠠᠩ ᠲᠡᠭᠡᠷ᠎ᠡ ᠦᠡᠭᠭᠡᠷᠡᠭᠰᠡᠨ ᠳᠤ ᠪᠠᠰᠠ ᠬᠦᠮᠤᠨ ᠰᠡᠬᠦᠷᠡᠰᠣᠯᠡᠭᠰᠡᠨ ᠯᠠ ᠪᠠᠶᠢᠬ᠎ᠠ | ᠭᠡᠭᠡᠨ ᠡᠳᠤᠷ ᠢᠶᠠᠷ ᠮᠤᠳᠤᠨ ᠰᠡᠭᠦᠳᠡᠷ ᠭᠡᠭᠡᠪᠴᠢ ᠶᠢ ᠬᠠᠯᠬᠠᠯᠠᠵᠤ᠂ ᠵᠡᠭᠦᠳᠤᠨ ᠠᠴᠠ ᠰᠡᠷᠡᠬᠦ ᠳᠤ ᠬᠦᠬᠦᠭᠡ | ᠲᠤᠩᠭᠤᠳᠴᠤ ᠪᠠᠶᠢᠳᠠᠭ | ᠲᠡᠳᠡ ᠨᠠᠷ ᠤᠨ ᠲᠠᠷᠢᠶᠠᠨ ᠳᠤ ᠪᠠᠨ ᠠᠵᠢᠯᠯᠠᠵᠤ ᠪᠠᠶᠢᠭ᠎ᠠ ᠶᠢ ᠪᠢ ᠬᠠᠯᠳᠤᠬᠠᠨ ᠨᠢᠭᠡ ᠬᠠᠷᠠᠭᠰᠠᠨ ᠰᠠᠨ | ᠲᠡᠳᠡ ᠨᠠᠷ ᠤᠨ ᠠᠯᠭᠤᠷᠬᠠᠨ ᠢᠶᠠᠷ ᠲᠤᠷᠤᠨᠠᠰᠢ ᠤᠳᠬᠤ ᠶᠢ ᠪᠠᠰᠠ ᠨᠢᠭᠡ ᠤᠯᠵᠤ ᠦᠵᠡᠭᠰᠡᠨ ᠰᠠᠨ | ᠲᠡᠳᠡᠨ ᠤ ᠪᠠᠷ᠎ᠠ ᠰᠠᠯᠬᠢ ᠦᠡᠭᠭᠡᠷᠡᠬᠦ ᠭᠠᠵᠠᠷ ᠲᠤ ᠵᠠᠮᠬᠠᠷᠠᠵᠤ ᠦᠶ᠎ᠡ ᠦᠶ᠎ᠡ ᠶᠢᠨ ᠬᠦᠭᠵᠢᠯ ᠪᠠᠳᠠᠷᠠᠯ ᠬᠦᠰᠡᠷ | ᠤᠨᠠᠨ᠎ᠠ | | | ᠲᠠᠷᠢᠶᠠᠨ ᠵᠦᠷᠢᠭ ᠢᠶᠠᠷ ᠡᠷᠬᠢᠴᠡᠵᠤ ᠦᠡᠭᠭᠡᠷᠡᠭᠰᠡᠨ᠂ ᠦᠨᠳᠣᠷ ᠤᠷᠤᠢ ᠠᠴᠠ ᠲᠦᠷᠪᠡᠨ ᠵᠦᠭ ᠢ ᠪᠠᠷᠠᠯᠠᠵᠤ | ᠦᠵᠡᠭᠰᠡᠨ | ᠲᠠ ᠨᠠᠷ ᠤᠨ ᠮᠢᠨᠢ ᠪᠡᠷ᠎ᠡ ᠲᠤᠷᠤ ᠬᠠᠮᠢᠭ᠎ᠠ ᠪᠠᠶᠢᠨᠠᠮ ᠪᠤᠢ᠂ ᠬᠢᠨᠠᠭᠤᠷ ᠯᠠᠪᠳᠠᠭᠤᠨ ᠤᠷᠢᠳᠤ ᠶᠢᠨ ᠬᠦᠮᠤᠰ ᠮᠢᠨᠢ | ᠡ | ᠲᠠ ᠨᠠᠷ ᠤᠨ ᠮᠢᠨᠢ ᠠᠭᠤᠵᠢᠮ ᠠᠮᠢᠰᠬᠤᠭ᠎ᠠ ᠠᠯᠢ ᠭᠤᠤᠯ ᠤᠨ ᠤᠷᠤᠰᠬᠠᠯ ᠤᠨ ᠬᠠᠵᠠᠭᠤ ᠪᠠᠷ ᠪᠠᠶᠢᠭ᠎ᠠ ᠪᠤᠢ︖ | | ᠲᠠ ᠨᠠᠷ ᠤᠨ ᠮᠢᠨᠢ ᠬᠠᠤᠯᠢ ᠵᠢᠷᠤᠮ ᠤᠷᠤᠰᠢᠵᠤ ᠪᠠᠶᠢᠭ᠎ᠠ ᠶᠢᠨ ᠭᠡᠷᠡᠴᠢ ᠨᠢ ᠠᠯᠢ ᠠᠭᠤᠯᠠᠨ ᠤ ᠤᠷᠬᠢᠯ ᠶᠤᠮ | ᠪᠤᠢ︖ | | | ᠲᠠᠭᠤ ᠶᠢᠨ ᠲᠤᠯᠬᠢᠶᠠᠰ ᠬᠤᠯᠠᠳᠴᠤ᠂ ᠦᠡᠭᠭᠡᠳᠦ ᠡᠭᠦᠯᠡᠰ ᠵᠠᠮᠬᠠᠷᠠᠪᠠ᠃ ᠤᠷᠳᠤ ᠭᠤᠤᠯ ᠤᠨ ᠲᠡᠭᠦᠰᠭᠡᠯ ᠢ ᠪᠢ | ᠮᠡᠳᠡᠯ᠎ᠡ | ᠲᠡᠨᠳᠡ ᠠᠯᠢᠪᠠ ᠪᠦᠷ ᠲᠡᠭᠦᠰᠴᠤ ᠪᠠᠶᠢᠭ᠎ᠠ ᠶᠢ ᠴᠤ ᠮᠡᠳᠡᠯ᠎ᠡ | ᠲᠡᠭᠷᠢ ᠳᠤ ᠬᠢᠯᠪᠢᠯᠭᠡᠨ ᠵᠢᠷᠤᠰᠬᠢᠨᠡ᠂ ᠠᠶᠣᠩᠭᠠᠨ ᠲᠠᠭᠤ ᠪᠦᠤᠷ ᠲᠦᠤᠷ᠃ | ᠲᠡᠭᠡᠭᠡᠳ ᠪᠢ ᠪᠦᠬᠦᠢ ᠯᠠ ᠴᠠᠭ ᠦᠶ᠎ᠡ ᠶᠢᠨ ᠭᠡᠷᠡᠯ ᠢ ᠬᠤᠷᠢᠶᠠᠪᠠᠴᠤ᠂ ᠴᠠᠭ ᠤᠨ ᠪᠦᠷᠤᠢ ᠶᠢ ᠶᠠᠭᠠᠬᠢᠵᠤ | ᠴᠢᠳᠠᠨᠠᠮ︖ | | | ᠬᠠᠪᠤᠷ ᠤᠨ ᠰᠠᠯᠬᠢᠨ ᠠᠭᠤᠳᠠᠮᠴᠢ᠂ ᠰᠦᠨᠢ ᠲᠦᠯᠢ ᠪᠠᠷ ᠪᠢ ᠰᠡᠳᠬᠢᠯ ᠲᠦᠭᠦᠷᠡᠩ ᠭᠤᠨᠢᠶᠠᠯ ᠠᠳᠬᠤᠵᠤ | ᠬᠠᠨᠭ᠍ᠬᠠᠶᠢᠬᠤ ᠦᠷᠯᠤᠭᠡ ᠶᠢ ᠤᠭᠳᠤᠨ᠂ ᠠᠭᠤᠯᠠᠰ ᠢ ᠲᠤᠰᠴᠤ᠂ ᠵᠢᠷᠭᠠᠬᠤ ᠨᠠᠷᠠ ᠪᠠ ᠭᠤᠤᠯ ᠢ ᠪᠠᠷᠠᠯᠠᠨ᠎ᠠ | ᠪᠢ ᠬᠡᠳᠤᠶᠢᠪᠡᠷ ᠬᠢᠷᠢ ᠲᠡᠩᠴᠡᠭᠰᠡᠨ ᠬᠤᠶᠢᠴᠢᠰ ᠴᠢᠨᠢ ᠪᠢᠰᠢ ᠴᠤ᠂ ᠦᠨᠢ ᠡᠷᠳᠡᠨ ᠤ ᠲᠡᠭᠡᠳᠣᠬᠦᠯ ᠮᠢᠨᠢ ᠡ | ᠪᠢ ᠪᠠᠰᠠ ᠲᠦᠮᠡᠨ ᠭᠠᠵᠠᠷ ᠤᠨ ᠠᠭᠤᠯᠠ ᠤᠰᠤ ᠪᠠᠨ ᠲᠦᠪ ᠵᠤᠭᠰᠤᠭᠠᠵᠤ᠂ ᠬᠠᠨᠠᠭᠠᠷ ᠲᠠᠯᠠᠢ ᠲᠠᠢ ᠪᠠᠨ | ᠬᠦᠪᠴᠤ ᠲᠤᠨᠵᠤ ᠴᠢᠳᠠᠨ᠎ᠠ | | | ︽ᠦᠨᠳᠤᠰᠤᠲᠠᠨ ᠤ ᠤᠳᠬ᠎ᠠ ᠵᠤᠬᠢᠶᠠᠯ︾ ᠤᠨ 2020 ᠤᠨ ᠤ | 2 ᠳ᠋ᠤᠭᠠᠷ ᠬᠤᠭᠤᠴᠠᠭ᠎ᠠ ᠠᠴᠠ ᠰᠣᠩᠭᠤᠪᠠ | | |