| | ᠮᠠᠯᠵᠢᠬᠤ ᠳ᠋ᠠᠵᠠᠢ ᠦᠣᠰᠢᠨᠵᠣᠣ ᠠᠴᠠ ᠰᠣᠷᠣᠯᠴᠠᠬᠤ᠂ ᠮᠠᠨ ᠤ ᠬᠤᠰᠢᠭᠤᠨ ᠳᠠᠭᠠᠨ ᠲᠠᠯᠠᠨᠬᠤᠸᠠ ᠠᠴᠠ | ᠰᠣᠷᠣᠯᠴᠠᠬᠤ ᠬᠦᠳᠡᠯᠭᠡᠭᠡᠨ ᠡᠷᠴᠢᠮᠳᠠᠢ ᠶᠠᠪᠣᠭᠳᠠᠵᠣ ᠪᠠᠶᠢᠭᠰᠠᠨ ᠦᠶ᠎ᠠ ᠪᠠᠷ 1972 ᠣᠨ ᠤ 3 ᠰᠠᠷ᠎ᠠ ᠳᠤ᠂ ᠱᠤᠤ | ᠪᠠᠯᠭᠠᠰᠤ ᠶᠢᠨ ᠬᠤᠯᠪᠣᠭ᠎ᠠ ᠪᠠᠷᠢᠭᠠᠳᠠ ᠶᠢᠨ ︽ᠲᠡᠮᠣᠷ ᠬᠡᠣᠬᠡᠨᠴᠣᠳ︾ ᠤᠨ ᠠᠩᠭᠢ ᠪᠠᠶᠢᠭᠤᠯᠤᠭᠳᠠᠵᠤ᠂ ᠲᠠᠳᠠᠨᠤᠰ | ᠬᠠᠮᠳᠤ ᠨᠠᠶᠢᠳᠠ ᠶᠢᠨ ᠲᠦᠯᠦᠭᠡ ᠲᠦᠷᠦ ᠶᠢᠨ ᠬᠠᠭᠠᠰ ᠲᠣᠯᠭᠠᠭᠤᠷᠢ ᠶᠢᠨ ᠦᠢᠯᠡᠳᠣᠯ ᠢᠶᠠᠨ ᠭᠦᠢᠴᠡᠳ ᠪᠠᠳᠠᠷᠠᠭᠤᠯᠵᠣ | ᠂ ᠡᠬᠡ ᠣᠯᠣᠰ ᠤᠨ ᠢᠶᠠᠨ ᠪᠥᠳᠥᠬᠡᠨ ᠪᠠᠶᠢᠭᠤᠯᠣᠯᠳᠠ ᠳᠤ ᠬᠥᠴᠦ ᠨᠡᠮᠡᠷᠢᠯᠡᠬᠦ ᠪᠠᠷ ᠣᠷᠣᠨ ᠨᠣᠳᠤᠭ ᠤᠨ ᠢᠶᠠᠨ ᠡᠯ᠎ᠡ | ᠠᠵᠢᠯ ᠲᠦᠷᠦᠯ ᠳᠤ ᠢᠳᠡᠪᠬᠢᠯᠡᠨ ᠣᠷᠣᠯᠴᠠᠵᠣ᠂ ᠪᠥᠬᠦ ᠣᠯᠣᠰ ᠤᠨ ᠡᠮᠡᠭᠳᠠᠶᠢᠴᠣᠳ᠂ ᠲᠡᠮᠣᠷ ᠬᠡᠣᠬᠡᠨᠴᠣᠳ ᠤᠨ | ᠠᠩᠭᠢ ᠲᠠᠢ ᠠᠳᠠᠯᠢ ᠪᠠᠷ ᠨᠠᠮ ᠤᠨ ᠣᠳᠣᠷᠢᠳᠣᠯᠭ᠎ᠠ ᠣᠷᠢᠶᠠᠯᠠᠭ᠎ᠠ ᠶᠢ ᠵᠢᠱᠢᠶᠡᠴᠢ ᠪᠠᠷ ᠴᠣᠣᠷᠢᠶᠠᠳᠣᠨ ᠲᠠᠭᠠᠵᠣ᠂ | ᠦᠢᠯᠡᠳᠪᠣᠷᠢᠯᠡᠯ ᠤᠨ ᠪᠠᠷᠢᠭᠠᠳᠠ ᠠᠴᠠ ᠲᠣᠬᠢᠷᠠᠭᠤᠯᠣᠭᠰᠠᠨ ᠠᠵᠢᠯ ᠤᠨ ᠡᠬᠦᠷᠭᠡ ᠶᠢ ᠴᠠᠭ ᠲᠣᠬᠠᠢ ᠳᠤᠨᠢ | ᠬᠢᠯᠠᠯᠵᠠᠳᠠᠯ᠎ᠠ ᠪᠡᠶᠡᠯᠡᠬᠦᠯᠵᠥ᠂ ᠣᠳᠣᠷᠢᠳᠣᠯᠭ᠎ᠠ᠂ ᠣᠯᠠᠨ ᠲᠦᠮᠡᠨ ᠤ ᠮᠠᠭᠳᠠᠭᠠᠯ ᠰᠠᠶᠢᠰᠢᠶᠠᠯ ᠢ ᠬᠦᠷᠳᠡᠭᠰᠡᠭᠡᠷ | ᠶᠠᠪᠤᠵᠠᠢ᠃ | ᠤᠷᠴᠢᠮᠬᠠᠨ᠂ ᠱᠤᠤ ᠪᠠᠯᠭᠠᠰᠤ ᠶᠢᠨ ᠬᠤᠯᠪᠤᠭ᠎ᠠ ᠭᠠᠴᠠᠭ᠎ᠠ ᠨᠢ ᠲᠡᠭᠡᠷ᠎ᠠ ᠵᠠᠭᠤᠨ ᠤ ᠲᠠᠯᠠᠭᠠᠳ ᠤᠨ ᠤ | ᠦᠶ᠎ᠠ ᠶᠢᠨ ︽ᠲᠠᠮᠤᠷ ᠬᠡᠤᠭᠡᠨᠴᠤᠳ︾ ᠤᠨ ᠭᠠᠪᠰᠢᠭᠠᠶᠢᠯᠠᠨ ᠬᠦᠳᠡᠯᠮᠤᠷᠢᠯᠡᠵᠤ ᠶᠠᠪᠤᠭᠰᠠᠨ ᠶᠠᠷᠤ ᠪᠤᠰᠤ ᠶᠢᠨ ᠤᠶᠢᠯᠡ | ᠠᠵᠢᠯᠯᠠᠭ᠎ᠠ ᠶᠢ ᠡᠷᠬᠢᠴᠡᠬᠦᠯᠤᠨ ᠲᠤᠷᠠᠰᠬᠠᠬᠤ ᠰᠠᠭᠤᠳᠠᠯ ᠤᠨ ᠬᠤᠷᠠᠯ ᠢᠶᠠᠷ ︽ᠲᠠᠮᠤᠷ ᠭᠡᠤᠭᠡᠨᠴᠤᠳ︾ ᠤᠨ ᠵᠤᠷᠢᠭ | ᠰᠠᠨᠠᠭ᠎ᠠ ᠶᠢ ᠪᠠᠳᠠᠷᠠᠭᠤᠯᠤᠨ᠂ ᠬᠤᠶᠢᠴᠢ ᠦᠶ᠎ᠠ ᠳᠤ ᠪᠠᠨ ᠤᠯᠠᠮᠵᠢᠯᠠᠨ ᠵᠠᠯᠭᠠᠮᠵᠢᠯᠠᠬᠤ ᠶᠢᠨ ᠤᠴᠢᠷ ᠤᠳᠬ᠎ᠠ ᠪᠦᠬᠦᠢ | ᠠᠵᠢᠯᠯᠠᠭᠠᠨ ᠵᠤᠬᠢᠶᠠᠨ ᠪᠠᠶᠢᠭᠤᠯᠵᠤ ᠶᠠᠪᠤᠭᠳᠠᠭᠤᠯᠤᠭᠰᠠᠨ ᠪᠠᠶᠢᠯ᠎ᠠ᠃ | | | | ᠬᠤᠯᠪᠣᠭ᠎ᠠ ᠪᠠᠷᠢᠭᠠᠳᠠ ᠶᠢᠨ ᠲᠡᠮᠣᠷ ᠬᠡᠣᠬᠡᠨᠴᠣᠳ ᠤᠨ ᠠᠩᠭᠢ ᠨᠢ ᠠᠩᠭᠢ ᠶᠢᠨ ᠲᠠᠷᠤᠭ᠎ᠠ ᠪᠠᠳᠮᠡᠴᠡᠴᠡᠭ | ᠤᠨ ᠲᠠᠭᠠᠭᠤᠯᠭ᠎ᠠ ᠪᠠᠷ ᠨᠢᠩᠳᠮᠡ᠂ ᠪᠡᠳᠮᠠᠴᠡᠴᠡᠭ᠂ ᠰᠠᠷᠠᠨᠴᠢᠮᠡᠭ᠂ ᠢᠮᠢᠨᠬᠤᠸᠠ᠂ ᠬᠦᠣᠳᠡᠬᠦᠳᠣ᠂ | ᠯᠥᠩᠬᠤᠸᠠᠴᠡᠴᠡᠩ᠂ ᠣᠶᠣᠨᠴᠡᠴᠡᠭ᠂ ᠰᠧᠴᠢᠭᠡ᠂ ᠪᠣᠯᠠᠭ᠂ ᠰᠣᠪᠤᠳᠤᠡᠭᠡᠷᠡᠯ᠂ ᠦᠬᠡᠳᠠ᠂ ᠰᠠᠷᠡᠡᠭᠡᠷᠡᠯ ᠵᠡᠷᠭᠡ | ᠭᠡᠰᠢᠬᠦᠳ ᠢᠶᠠᠷ ᠪᠦᠷᠢᠯᠳᠣᠵᠣ᠂ ᠦᠢᠯᠡᠳᠪᠣᠷᠢᠯᠡᠯ ᠤᠨ ᠡᠮᠣᠨ᠎ᠡ ᠹᠷᠣᠨᠲ ᠲᠤ ᠡᠷᠡᠭᠳᠠᠶᠢᠴᠣᠳ ᠲᠠᠢ ᠠᠳᠠᠯᠢ | ᠡᠷᠡᠯᠭᠡᠭᠯᠡᠨ ᠬᠦᠳᠡᠯᠮᠤᠷᠢᠯᠡᠵᠤ ᠶᠠᠪᠤᠭᠰᠠᠨ ᠢᠷᠠᠭᠤ ᠲᠡᠤᠭᠡ ᠲᠠᠢ᠃ | 1973 ᠣᠨ ᠳᠤ᠂ ᠪᠣᠯᠠᠭ ᠣᠰᠣᠨ ᠴᠦᠬᠦᠷᠣᠮ ᠤᠨ ᠶᠡᠭᠡ ᠲᠣᠯᠣᠯᠳᠣᠭᠠᠨ ᠳᠤ ᠬᠤᠯᠪᠤᠭ᠎ᠠ ᠶᠢᠨ ︽ | ᠲᠡᠮᠣᠷ ᠬᠡᠣᠬᠡᠨᠴᠣᠳ︾ ᠤᠨ ᠲᠣᠭᠤᠶᠢᠯᠠᠩ ᠨᠢ ᠬᠦᠨᠳᠦ ᠬᠦᠳᠡᠯᠮᠣᠷᠢ ᠬᠡᠵᠥ ᠢᠯᠭᠠᠯ ᠦᠭᠡᠢ ᠪᠠᠷ ᠬᠠᠯᠠᠰᠢᠷᠡᠯ ᠦᠭᠡᠢ | ᠤᠷᠤᠯᠴᠠᠵᠤ᠂ ᠬᠤᠯᠪᠤᠭ᠎ᠠ ᠪᠠᠷᠢᠭᠠᠳᠠ ᠶᠢᠨ ᠬᠦᠳᠡᠯᠮᠣᠷᠢ ᠬᠦᠴᠦᠨ ᠤ ᠬᠠᠷᠢᠴᠡᠯ ᠳᠤ ᠡᠮᠡᠭᠳᠡᠢ ᠬᠦᠳᠡᠯᠮᠣᠷᠢ ᠬᠦᠴᠦ | ᠨᠢ ᠶᠡᠬᠡᠩᠭᠢ ᠲᠤᠭ᠎ᠠ ᠶᠢ ᠡᠵᠡᠯᠡᠵᠤ ᠪᠠᠶᠢᠬᠰᠠᠨ᠃ | 1975 ᠣᠨ ᠤ 3 ᠰᠠᠷ᠎ᠠ ᠶᠢᠨ 2 ᠤ ᠡᠳᠣᠷ ᠠᠴᠠ ᠡᠬᠢᠯᠡᠭᠰᠡᠨ ᠪᠥᠬᠦ ᠬᠤᠰᠢᠭᠤᠨ ᠤ ︽ | ᠪᠠᠭᠠᠳᠣᠷᠴᠣᠳ ᠤᠨ ᠣᠰᠣᠨ ᠰᠣᠪᠠᠭ︾ ᠮᠠᠯᠳᠠᠬᠤ ᠠᠵᠢᠯ ᠤᠨ ᠲᠢᠶᠠᠨᠱᠠᠨᠺᠸᠤ ᠶᠢᠨ ᠬᠡᠰᠡᠭ ᠲᠤ 14 ᠡᠳᠣᠷ ᠣᠰᠣᠨ | ᠰᠣᠪᠠᠭ ᠮᠠᠯᠳᠠᠬᠤ ᠶᠡᠭᠡ ᠲᠣᠯᠣᠯᠳᠣᠭᠠᠨ ᠳᠤ ᠬᠤᠯᠪᠤᠭ᠎ᠠ ᠶᠢᠨ ︽ᠲᠠᠮᠤᠷ ᠭᠡᠤᠭᠡᠨᠴᠤᠳ︾ ᠤᠨ ᠨᠢᠩᠳᠮᠡ ᠵᠡᠷᠭᠡ | ᠲᠡᠭᠡᠷ᠎ᠠ ᠲᠤᠷᠠᠳᠤᠭᠰᠠᠨ 12 ᠭᠡᠰᠢᠬᠦᠨ ᠣᠷᠣᠯᠴᠠᠵᠣ᠂ ᠠᠵᠢᠯ ᠤᠨ ᠡᠭᠦᠷᠭᠡ ᠬᠦᠨᠳᠣ ᠰᠦᠷᠡᠬᠡᠢ ᠪᠠᠶᠢᠭᠰᠠᠨ ᠴᠤ | ᠲᠠᠰᠪᠣᠷᠢ ᠬᠠᠳᠠᠭᠤᠵᠢᠯᠳᠠᠢ ᠪᠠᠷ ᠴᠢᠷᠮᠡᠶᠢᠵᠣ᠂ ᠡᠭᠦᠷᠭᠡ ᠪᠠᠨ ᠠᠮᠵᠢᠯᠳᠠ ᠲᠠᠢ ᠪᠠᠷ ᠪᠡᠶᠡᠯᠡᠬᠦᠯᠪᠡ᠃ | 1972 ᠣᠨ ᠤ 3 ᠳ᠋ᠣᠭᠠᠷ ᠰᠠᠷ᠎ᠠ ᠳᠤ᠂ ᠲᠢᠪᠣᠯᠢ ᠰᠦᠮ᠎ᠡ ᠶᠢᠨ ᠡᠮᠣᠨ᠎ᠡ ᠲᠣᠶᠢᠭ ᠤᠨ ᠭᠤᠣᠯ ᠤᠨ | ᠭᠦᠪᠡᠭᠡ ᠠᠴᠠ ᠬᠥᠮᠥᠨ ᠤ ᠬᠦᠴᠤ ᠪᠠᠷ ᠲᠠᠳᠠᠮᠠᠯ ᠰᠣᠪᠠᠭ ᠮᠠᠯᠳᠠᠵᠣ᠂ ᠲᠦᠷᠪᠡᠳᠠᠢ ᠠᠴᠠ ᠣᠠᠯᠯᠵᠢ ᠶᠢᠨ ᠲᠠᠯ᠎ᠠ ᠶᠢᠨ | ᠬᠠᠳᠣᠯᠠᠩ ᠪᠠᠯᠴᠢᠬᠡᠷ ᠲᠤ ᠣᠰᠣ ᠣᠷᠣᠭᠤᠯᠬᠤ ᠶᠡᠭᠡ ᠲᠣᠯᠣᠯᠳᠣᠭᠠᠨ ᠳᠤ ︽ᠲᠠᠮᠣᠷ ᠬᠡᠣᠬᠡᠨᠴᠣᠳ︾ ᠤᠨ | ᠠᠩᠭᠢ ᠪᠠᠷ ᠭᠤᠣᠯ ᠪᠣᠯᠭᠠᠭᠰᠠᠨ ᠨᠢᠩᠳᠮᠡ ᠵᠡᠷᠭᠡ 12 ᠬᠥᠮᠥᠨ ᠣᠷᠣᠯᠴᠠᠵᠣ᠂ ᠬᠠᠭᠠᠰ ᠰᠠᠷ᠎ᠠ ᠢᠯᠡᠬᠦᠥ | ᠠᠵᠢᠯᠯᠠᠵᠣ᠂ ᠲᠣᠭᠳᠠᠭᠰᠠᠨ ᠠᠵᠢᠯ ᠤᠨ ᠡᠬᠦᠷᠭᠡ ᠪᠠᠨ ᠠᠮᠵᠢᠯᠳᠠ ᠲᠠᠢ ᠪᠡᠶᠡᠯᠡᠬᠦᠯᠵᠡᠢ᠃ | 1974 ᠣᠨ ᠤ ᠨᠠᠮᠣᠷ᠂ ᠴᠠᠭᠠᠨᠨᠠᠭᠤᠷ ᠤᠨ ᠵᠠᠰᠠᠮᠠᠯ ᠵᠠᠮ ᠵᠠᠰᠠᠬᠤ ᠬᠠᠮ ᠲᠣᠯᠣᠯᠳᠣᠭᠠᠨ ᠳᠤ ᠲᠤᠰ ︽ | ᠲᠡᠮᠣᠷ ᠬᠡᠣᠬᠡᠨᠴᠣᠳ︾ ᠤᠨ ᠠᠩᠭᠢ ᠶᠢᠨ 12 ᠭᠡᠰᠢᠬᠦᠨ ᠪᠥᠬᠦᠨ ᠢᠶᠠᠷ ᠢᠶᠠᠨ ᠣᠷᠣᠯᠴᠠᠵᠣ᠂ ᠠᠵᠢᠯ ᠤᠨ ᠬᠦᠨᠳᠤ | ᠵᠥᠳᠡᠷᠡᠯ ᠠᠴᠠ ᠪᠣᠯᠵᠤ᠂ ᠪᠣᠯᠠᠭ ᠤᠨ ᠴᠡᠭᠡᠵᠢᠨ ᠳᠤᠨᠢ ᠰᠢᠷ᠎ᠠ ᠣᠰᠣ ᠲᠣᠨᠣᠵᠣ᠂ ᠬᠥᠳᠡᠯᠵᠣ ᠲᠡᠶᠢᠯᠬᠦ ᠦᠭᠡᠢ ᠠᠮᠢ | ᠨᠠᠰᠣᠨ ᠤ ᠠᠶᠣᠯ ᠳᠤ ᠲᠣᠯᠭᠠᠷᠠᠭᠰᠠᠨ ᠦᠶ᠎ᠠ ᠳᠤ ᠲᠣᠬᠠᠢ ᠶᠢᠨ ᠲᠠᠯᠠᠪᠣᠷ ᠲᠤ ᠡᠮᠴᠢᠯᠡᠵᠥ ᠪᠠᠶᠢᠭᠰᠠᠨ ᠨᠢᠭᠡᠳᠣᠯ ᠤᠨ | ᠡᠮᠨᠡᠯᠭᠡ ᠶᠢᠨ ᠬᠤᠷᠢᠶᠠᠨ ᠤ ᠠᠬᠠᠮᠠᠳ ᠡᠮᠴᠢ ᠪᠣᠶᠠᠨ ᠲᠠᠷᠠ ᠲᠠᠷᠤᠢ ᠳᠤᠨᠢ ᠵᠠᠪᠳᠣᠨ ᠡᠮᠴᠢᠯᠡᠭᠰᠡᠨ ᠢᠶᠠᠷ ᠠᠮᠢ | ᠨᠠᠰᠣᠨ ᠤ ᠠᠶᠣᠯ ᠠᠴᠠ ᠬᠡᠯᠳᠣᠷᠢᠵᠣ᠂ ᠠᠵᠢᠯ ᠤᠨ ᠡᠬᠦᠷᠭᠡ ᠪᠠᠨ ᠮᠥᠨ ᠠᠮᠵᠢᠯᠳᠠ ᠲᠠᠢ ᠪᠠᠷ ᠪᠡᠶᠡᠯᠡᠭᠦᠯᠵᠥ | ᠲᠠᠶᠢᠯᠵᠡᠢ᠃ | ᠡᠬᠦᠨ ᠠᠴᠠ ᠭᠠᠳᠠᠨ᠎ᠠ᠂ ᠲᠠᠳᠠᠨᠤᠰ ᠲᠠᠮᠨᠠᠭᠤᠷ ᠢᠶᠠᠷ ᠬᠠᠷ᠎ᠠ ᠰᠢᠷᠣᠢ ᠲᠠᠮᠨᠠᠨ᠂ ᠭᠠᠵᠡᠷ ᠲᠡᠭᠰᠢᠯᠡᠵᠥ᠂ | ᠬᠦᠷᠦᠰᠥ ᠰᠢᠷᠣᠢ ᠶᠢ ᠰᠠᠶᠢᠵᠢᠷᠠᠭᠤᠯᠵᠣ᠂ ᠬᠤᠷᠢᠶᠠᠯᠳᠠ ᠨᠡᠮᠡᠭᠳᠡᠬᠦᠯᠬᠦ ᠠᠵᠢᠯ ᠳᠤ ᠣᠷᠣᠯᠴᠠᠵᠣ᠂ ᠲᠠᠷᠢᠶ᠎ᠠ ᠲᠦᠮᠤᠰᠤ | ᠠᠷᠠᠴᠢᠯᠠᠨ ᠲᠣᠳᠣᠮᠳᠠᠬᠤ ᠠᠴᠠ ᠬᠠᠳᠣᠵᠣ᠂ ᠬᠤᠷᠢᠶᠠᠬᠤ ᠵᠡᠷᠭᠡ ᠠᠵᠢᠯ ᠤᠳ ᠢ ᠪᠥᠬᠦᠨ ᠢ ᠬᠢᠵᠥ ᠪᠠᠶᠢᠬᠰᠠᠨ ᠢᠶᠠᠷ | ᠪᠠᠷᠠᠬᠤ ᠦᠭᠡᠢ 1972 —1974 ᠣᠨ ᠤ ᠭᠤᠷᠪᠠᠨ ᠨᠠᠮᠣᠷ᠂ ᠮᠠᠩᠬᠢᠷᠳᠤ᠂ ᠱᠠᠷᠨᠠᠢ ᠳᠤ ᠰᠠᠨᠳᠤᠤ ᠪᠠᠷ | ᠡᠪᠡᠰᠣ ᠬᠠᠳᠤᠵᠤ ᠡᠬᠦᠷᠭᠡ ᠪᠠᠨ ᠪᠡᠶᠡᠯᠡᠬᠦᠯᠥᠭᠰᠡᠨ ᠪᠠ ᠲᠠᠪᠠᠭᠤᠯᠣᠨ ᠪᠡᠶᠡᠯᠡᠬᠦᠯᠥᠭᠰᠡᠨ ᠠᠮᠵᠢᠯᠳᠠ ᠪᠠᠷ 12 | ᠭᠡᠰᠢᠬᠦᠨ ᠬᠥᠮᠥᠨ ᠪᠥᠷᠢ 1 ᠬᠤᠨᠢ ᠪᠠᠷ ᠱᠠᠩᠨᠠᠭᠳᠠᠵᠤ ᠶᠠᠪᠤᠭᠰᠠᠨ ᠲᠡᠤᠭᠡ ᠲᠠᠢ᠃ | | | | ᠲᠤᠬᠠᠢ ᠶᠢᠨ ᠦᠶ᠎ᠠ ᠶᠢᠨ ᠬᠤᠯᠪᠤᠭ᠎ᠠ ᠶᠢᠨ ︽ᠲᠡᠮᠣᠷ ᠬᠡᠣᠬᠡᠨᠴᠣᠳ︾ ᠤᠨ ᠠᠩᠭᠢ ᠨᠢ ᠡᠯ᠎ᠡ ᠵᠣᠶᠢᠯ ᠤᠨ | ᠠᠵᠢᠯᠯᠠᠭᠠᠨ ᠬᠦᠳᠡᠯᠭᠡᠭᠡᠨ ᠳᠤ ᠢᠳᠡᠪᠬᠢᠳᠠᠢ ᠤᠷᠤᠯᠴᠠᠵᠤ᠂ ᠡᠳᠣᠷ ᠨᠢ ᠦᠢᠯᠡᠳᠪᠣᠷᠢᠯᠡᠯ ᠳᠤ ᠣᠷᠣᠯᠴᠠᠵᠣ ᠦᠳᠡᠰᠢ | ᠣᠷᠣᠢ ᠳᠠᠭᠠᠨ ᠬᠤᠷᠠᠯ ᠰᠣᠷᠣᠯᠴᠠᠯᠭ᠎ᠠ ᠬᠢᠬᠦ ᠶᠢ ᠲᠠᠰᠣᠷᠠᠯᠳᠠ ᠦᠭᠡᠢ ᠪᠠᠷᠢᠮᠳᠠᠯᠠᠵᠣ᠂ ᠦᠵᠡᠯ ᠲᠠᠨᠢᠯᠳᠠ ᠪᠠᠨ ᠴᠠᠭ | ᠦᠶ᠎ᠡ ᠲᠠᠢ ᠵᠤᠬᠢᠴᠠᠭᠤᠯᠤᠨ᠂ ᠪᠠᠰᠠ ᠠᠵᠢᠯ ᠤᠨ ᠴᠢᠯᠦᠭᠡ ᠪᠠᠷ ᠢᠶᠠᠨ ᠣᠯᠠᠨ ᠲᠥᠮᠡᠨ ᠳᠤ ᠣᠳᠬ᠎ᠠ ᠣᠷᠠᠯᠢᠭ ᠤᠨ | ᠲᠣᠭᠯᠠᠯᠳᠠ ᠭᠠᠷᠭᠠᠵᠣ᠂ ᠣᠬᠠᠭᠤᠯᠣᠯ ᠤᠨ ᠠᠵᠢᠯᠯᠠᠭᠠᠨ ᠦᠷᠨᠢᠬᠦᠯᠤᠨ᠂ ᠵᠢᠯ ᠤᠨ ᠲᠦᠷᠪᠡᠨ ᠣᠯᠠᠷᠢᠯ ᠳᠤ ᠪᠣᠷᠪᠢ | ᠪᠣᠰᠬᠢᠯᠦᠭᠡᠢ ᠶᠠᠭᠠᠷᠠᠵᠣ᠂ ᠬᠠᠮᠳᠣ ᠨᠠᠶᠢᠳᠠ ᠶᠢᠨ ᠠᠵᠢᠯ ᠢ ᠦᠪᠡᠷ ᠤᠨ ᠭᠡᠷ ᠤᠨ ᠠᠵᠢᠯ ᠠᠴᠠ ᠪᠠᠨ ᠢᠯᠡᠬᠦᠥ | ᠠᠮᠵᠢᠭᠤᠯᠣᠨ ᠬᠢᠵᠥ᠂ ᠣᠯᠠᠨ ᠤ ᠪᠠᠨ ᠲᠣᠮᠳᠠ ᠭᠠᠪᠰᠢᠭᠠᠶᠢᠯᠠᠵᠣ ᠶᠠᠪᠤᠭᠰᠠᠨ ᠶᠤᠰᠤᠳᠠᠢ ᠨᠠᠷᠠ ᠨᠢᠳᠠᠷ ᠲᠡᠭᠡᠨ | ᠲᠠᠩᠴᠡᠭᠰᠡᠨ ︽ᠲᠠᠮᠤᠷ ᠭᠡᠤᠭᠡᠨᠴᠤᠳ︾ ᠪᠠᠶᠢᠬᠰᠠᠨ ᠪᠢᠯᠡ᠃ ︵ᠨᠠᠷᠠᠨᠳᠤᠶᠠᠭ᠎ᠠ︶ | | | | | |