︵ᠬᠡᠤᠬᠡᠳ ᠤᠨ ᠰᠢᠯᠦᠭ︶ | ᠨᠠ᠊ · ᠵᠢᠷᠭᠠᠯ | | ᠤᠷᠭᠤᠬᠤ ᠨᠠᠷᠠ ᠲᠠᠢ ᠤᠷᠤᠯᠳᠤᠨ | ᠤᠷᠠᠨ ᠤᠩᠰᠢᠯᠭ᠎ᠠ ᠪᠠᠨ ᠴᠡᠭᠡᠵᠢᠯᠡᠶ᠎ᠡ | ᠤᠶᠠᠩᠭ᠎ᠠ ᠢᠷᠠᠭᠤ ᠡᠭᠡᠰᠢᠭ ᠢᠶᠠᠷ | ᠤᠯᠠᠷᠢᠯ ᠤᠨ ᠰᠠᠶᠢᠬᠠᠨ ᠢ ᠪᠠᠭ᠋ᠠᠳᠤᠶᠠ | | ᠤᠷᠮ᠎ᠠ ᠪᠠᠭ᠋ᠠᠲᠠᠢ ᠲᠤᠭᠯᠠᠭᠠᠳ | ᠡᠬᠡ ᠬᠡᠯᠡᠨ ᠳᠤ ᠪᠠᠨ ᠰᠢᠮᠳᠠᠶ᠎ᠠ | ᠡᠷᠳᠡᠮ ᠰᠤᠶᠤᠯ ᠰᠤᠷᠬᠤ ᠪᠠᠷ | ᠢᠵᠠᠭᠤᠷ ᠶᠤᠰᠤ ᠪᠠᠨ ᠬᠦᠨᠳᠦᠳᠬᠡᠶ᠎ᠡ | | ᠠᠨᠳᠠ ᠨᠦᠬᠦᠳ ᠲᠠᠢ ᠪᠠᠨ ᠪᠠᠶᠠᠰᠤᠨ | ᠠᠴᠢᠲᠦ ᠪᠠᠭᠰᠢ ᠳᠤ ᠪᠠᠨ ᠵᠤᠯᠭᠠᠶ᠎ᠠ | ᠠᠪᠤ ᠡᠵᠢ ᠶᠢᠨ ᠢᠶᠠᠨ ᠵᠠᠬᠢᠶ᠎ᠠ ᠪᠠᠷ | ᠠᠯᠢᠶᠠᠷᠬᠠᠵᠤ ᠬᠤᠵᠢᠮᠳᠠᠬᠤ ᠶᠢ ᠬᠢᠴᠢᠶᠡᠶ᠎ᠡ | | ᠡᠳᠦᠷ ᠪᠦᠷᠢ ᠡᠷᠲᠡᠯᠡᠨ ᠪᠤᠰᠴᠤ | ᠤᠩᠰᠢᠯᠭ᠎ᠠ ᠳᠠᠪᠲᠠᠯᠭ᠎ᠠ ᠪᠠᠨ ᠪᠤᠯᠪᠠᠰᠤᠷᠠᠶ᠎ᠠ | ᠤᠨᠲᠠᠵᠤ ᠬᠤᠶᠢᠷᠭᠤᠰᠢᠬᠤ ᠶᠢ ᠲᠡᠪᠴᠢᠨ | ᠤᠯᠠᠨ ᠤ ᠡᠯᠡᠭ ᠪᠢᠲᠡᠭᠡᠢ ᠪᠤᠯᠤᠶ᠎ᠠ | | ᠠᠯᠢ ᠴᠠᠭ ᠲᠤ ᠪᠤᠯᠤᠭᠰᠠᠨ ᠴᠦ | ᠠᠵᠢᠯᠴᠢ ᠪᠤᠯᠪᠠᠰᠤᠨ ᠢ ᠡᠷᠬᠢᠮᠯᠡᠶ᠎ᠡ | ᠦᠪᠡᠷ ᠤᠨ ᠬᠡᠯᠡ ᠪᠠᠨ ᠰᠠᠶᠢᠨ ᠰᠤᠷᠤᠭᠠᠳ | ᠦᠷᠦᠭᠡᠯ ᠤᠨ ᠬᠠᠷᠠᠭᠠᠨ ᠳᠤ ᠭᠠᠶᠢᠬᠠᠭᠤᠯᠤᠶᠠ | | |