︵ᠬᠡᠤᠬᠡᠳ ᠤᠨ ᠰᠢᠯᠦᠭ︶ | ᠨᠠ᠊ · ᠵᠢᠷᠭᠠᠯ | | | ᠠᠯᠲᠠᠨ ᠳᠡᠯᠡᠬᠡᠢ ᠳᠤ ᠭᠠᠭᠴᠠᠬᠠᠨ | ᠠᠭᠤᠤ ᠮᠤᠩᠭᠤᠯ ᠬᠡᠯᠡ ᠮᠢᠨᠢ | ᠠᠷᠠᠳ ᠲᠦᠮᠡᠨ ᠳᠤ ᠵᠠᠶᠠᠭᠠᠭᠰᠠᠨ | ᠠᠷᠢᠭᠤᠨ ᠲᠠᠩᠰᠤᠭ ᠠᠶᠠᠯᠠᠭᠤ ᠮᠢᠨᠢ | | ᠠᠷᠪᠠᠨ ᠭᠤᠷᠪᠠᠳᠤᠭᠠᠷ ᠵᠠᠭᠤᠨ ᠤ | ᠢᠷᠠᠭᠤ ᠰᠠᠶᠢᠬᠠᠨ ᠡᠭᠡᠰᠢᠭ ᠮᠢᠨᠢ | ᠡᠷᠡᠯᠬᠡᠭ ᠪᠠᠭᠠᠲᠤᠷ ᠦᠨᠳᠦᠰᠦᠲᠡᠨ ᠤ | ᠢᠵᠠᠭᠤᠷ ᠰᠤᠶᠤᠯ ᠤᠨ ᠬᠦᠷᠦᠩᠭᠡ ᠮᠢᠨᠢ | | ᠡᠪᠦᠭᠡ ᠳᠡᠭᠡᠳᠦᠰ ᠤᠨ ᠰᠤᠶᠤᠷᠬᠠᠯ ᠲᠠᠢ | ᠡᠷᠳᠡᠨᠢ ᠶᠢᠨ ᠮᠤᠩᠭᠤᠯ ᠬᠡᠯᠡ ᠮᠢᠨᠢ | ᠦᠶ᠎ᠡ ᠶᠢᠨ ᠦᠶ᠎ᠡ ᠳᠤ ᠤᠯᠠᠮᠵᠢᠯᠠᠬᠤ | ᠦᠪ ᠰᠤᠶᠤᠯ ᠤᠨ ᠭᠤᠯᠤᠮᠲᠠ ᠮᠢᠨᠢ | | ᠦᠷ᠎ᠡ ᠬᠤᠶᠢᠴᠢᠰ ᠪᠢᠳᠡᠨ ᠤ | ᠦᠨᠢ ᠮᠦᠩᠬᠡ ᠶᠢᠨ ᠰᠢᠲᠦᠭᠡᠨ ᠮᠢᠨᠢ | ᠦᠭᠡᠳᠡᠯᠡᠨ ᠳᠠᠪᠰᠢᠬᠤ ᠡᠷᠢᠨ ᠤ | ᠡᠷᠳᠡᠮ ᠮᠡᠳᠡᠯᠭᠡ ᠶᠢᠨ ᠵᠢᠯᠤᠭᠤ ᠮᠢᠨᠢ | | ᠡᠶᠢᠮᠦ ᠯᠡ ᠰᠠᠶᠢᠬᠠᠨ ᠬᠡᠯᠡ ᠪᠠᠨ | ᠡᠷᠬᠢᠮᠨᠡᠵᠦ ᠶᠠᠪᠤᠶ᠎ᠠ ᠪᠢᠳᠡᠨᠠᠷ | ᠡᠨᠡ ᠳᠡᠯᠡᠬᠡᠢ ᠶᠢᠨ ᠬᠠᠷᠠᠭᠠᠨ ᠳᠤ | ᠠᠯᠳᠠᠷᠰᠢᠭᠤᠯᠵᠤ ᠶᠠᠪᠤᠶ᠎ᠠ ᠪᠢᠳᠡᠨᠠᠷ | | |