ᠡᠬᠡ ᠪᠠᠶᠢᠭᠠᠯᠢ ᠶᠢᠨ ᠭᠠᠶᠢᠬᠠᠮᠰᠢᠭ ︵ᠵᠢᠷᠭᠤᠭ᠎ᠠ︶
ᠨᠡᠶᠢᠲᠡᠯᠡᠭᠰᠡᠨ ᠴᠠᠭ᠄
2020/11/30
ᠨᠠ᠊ · ᠵᠢᠷᠭᠠᠯ           ᠡᠬᠡ ᠪᠠᠶᠢᠭᠠᠯᠢ ᠶᠢᠨ ᠭᠠᠶᠢᠬᠠᠮᠰᠢᠭ                           — ᠬᠤᠨᠠᠨ᠂ ᠭᠦᠢᠯᠢᠨ ᠢᠶᠠᠷ ᠬᠤᠷᠤᠮ ᠵᠤᠭᠠᠴᠠᠭᠠᠳ         ᠠᠷᠪᠠᠨ ᠭᠠᠵᠠᠷ ᠤᠨ ᠵᠢᠷᠤᠭ ᠤᠨ ᠶᠢᠷᠳᠢᠨᠴᠤ      ᠠᠭᠤᠯᠠᠨ ᠬᠠᠪᠴᠢᠯ ᠤᠨ ᠲᠡᠮᠤᠷ ᠵᠠᠮ ᠢᠶᠠᠷ ᠠᠶᠠᠯᠠᠬᠤ ᠳᠤ      ᠠᠷᠪᠠᠨ ᠦᠩᠭᠡ ᠶᠢᠨ ᠰᠣᠯᠣᠩᠭ᠎ᠠ ᠮᠢᠷᠠᠯᠵᠠᠨ᠎ᠠ      ᠡᠷᠭᠢᠨ ᠲᠤᠭᠤᠷᠢᠨ ᠢ ᠠᠵᠢᠭᠯᠠᠨ ᠦᠵᠡᠬᠦ ᠳᠤ      ᠡᠯᠳᠡᠪ ᠠᠷᠢᠶᠠᠳᠠᠨ ᠲᠠᠶᠢᠪᠤᠩ ᠲᠤᠭᠯᠠᠨ᠎ᠠ      ᠬᠠᠮᠤᠭ ᠦᠵᠡᠮᠵᠢ ᠪᠦᠷᠢᠳᠦᠭᠰᠡᠨ ᠡᠨᠡ ᠭᠠᠵᠠᠷ ᠢ      ᠬᠤᠷᠸ᠎ᠠ ᠪᠠᠶᠢᠭᠠᠯᠢ ᠶᠢᠨ ᠵᠢᠷᠤᠭ ᠬᠡᠮᠡᠨ ᠪᠢᠴᠢᠭᠯᠡᠨ᠎ᠡ      ︽ᠪᠡᠴᠢᠨ ᠪᠠᠭᠰᠢ︾ ︽ᠠᠫᠠᠨᠲ︾ ᠤᠨ ᠦᠯᠢᠭᠡᠷ ᠢ      ᠪᠢᠳᠡᠨ ᠤ ᠨᠤᠳᠤᠭ ᠲᠤ ᠵᠢᠷᠣᠭᠯᠠᠪᠠ ᠬᠡᠮᠡᠨ ᠤᠯᠵᠤᠭᠤᠷᠬᠠᠨ᠎ᠠ          ᠲᠡᠷᠢᠭᠦᠨ ᠬᠠᠴᠢᠨ ᠠᠭᠤᠯᠠ      ᠠᠭᠤᠯᠠ ᠤᠰᠤ ᠶᠢ ᠪᠠᠭ᠋ᠠᠳᠤᠨ ᠤᠷᠮ᠎ᠠ ᠲᠠᠢ ᠠᠶᠠᠯᠠᠬᠤ ᠳᠤ      ᠠᠭᠤᠷ ᠠᠮᠢᠰᠬᠤᠯ ᠪᠤᠬᠢᠨᠢᠳᠤᠭᠰᠠᠨ ᠴᠡᠭᠡᠵᠢ ᠶᠢ ᠠᠭᠤᠵᠢᠷᠠᠭᠤᠯᠤᠨ᠎ᠠ      ᠲᠦᠮᠡᠨ ᠦᠵᠡᠮᠵᠢ ᠬᠤᠯᠠ ᠤᠶᠢᠷ᠎ᠠ ᠶᠢ ᠰᠣᠨᠢᠷᠬᠠᠬᠤ ᠳᠤ      ᠲᠡᠭᠷᠢ ᠶᠢᠨ ᠲᠣᠤᠷᠠᠬᠢ ᠲᠡᠷᠢᠭᠦᠨ ᠠᠭᠤᠯᠠ ᠬᠠᠷᠠᠭᠠᠨ ᠳᠤ ᠢᠯᠡᠷᠡᠨ᠎ᠡ      ᠲᠦᠷᠦ ᠶᠢᠨ ᠤᠳᠤᠷᠢᠳᠤᠭᠴᠢ ᠠᠭᠰᠠᠨ ᠬᠤᠸᠠ ᠭᠦᠸᠧ ᠹᠧᠩ ᠤᠨ      ᠲᠠᠳᠠᠯᠭᠠᠨ ᠪᠢᠴᠢᠭᠰᠡᠨ ᠤᠷᠢᠳᠤ ᠶᠢᠨ ᠪᠢᠴᠢᠭᠡᠰᠦ ᠶᠢ ᠬᠢᠴᠢᠶᠡᠩᠭᠦᠶᠢᠯᠡᠨ᠎ᠡ      ᠲᠦᠮᠡᠨ ᠢᠷᠭᠡᠳ ᠤᠨ ᠬᠠᠷᠠᠭ᠎ᠠ ᠶᠢ ᠮᠢᠯᠢᠶᠠᠨ ᠴᠤᠭᠴᠠᠯᠠᠭᠠᠳ      ᠲᠦᠷᠦᠭᠰᠡᠨ ᠨᠤᠳᠤᠭ ᠤᠨ ᠢᠶᠠᠨ ᠰᠦᠷ ᠰᠦᠯᠳᠡ ᠪᠠᠷ ᠲᠡᠭᠡᠵᠢᠯᠡᠨ᠎ᠡ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号