ᠰᠠᠶᠢ᠊· ᠰᠢᠷᠠᠪᠠᠷᠰ | ᠠᠮᠠᠷᠠᠭ ᠤᠨ ᠮᠢᠨᠢ ᠠᠯᠴᠢᠭᠤᠷ ᠲᠡᠭᠡᠷ᠎ᠡ ᠴᠠᠰᠤ ᠲᠡᠷᠪᠡᠯᠵᠡᠨᠡ | ᠠᠯᠢᠶ᠎ᠠ ᠬᠡᠣᠬᠡᠳ ᠤᠳ ᠪᠠᠶᠢᠯᠳᠣᠭᠠᠨ ᠢᠶᠠᠷ ᠬᠦᠭᠡᠷᠤᠨᠡ | ᠠᠶᠢᠯ ᠤᠨ ᠠᠪᠤ ᠤᠷᠬ᠎ᠠ ᠪᠡᠯᠡᠳᠬᠡᠵᠤ ᠶᠠᠭᠠᠷᠠᠨ᠎ᠠ | ᠡᠮᠤᠨ᠎ᠡ ᠠᠭᠤᠯᠠᠨ ᠤ ᠪᠡᠯ ᠳᠤ ᠨᠤᠬᠠᠳ ᠰᠢᠩᠰᠢᠯᠡᠵᠤ | ᠨᠠᠮ ᠵᠢᠮᠭᠡᠨ ᠴᠠᠰᠤ ᠬᠠᠶᠠᠯᠠᠨ᠎ᠠ | | | ᠪᠤᠳᠠᠨ ᠤ ᠲᠤᠮᠳᠠᠭᠤᠷ ᠲᠠᠤᠯᠠᠢ ᠬᠦᠶᠤᠯᠳᠤᠬᠦ ᠨᠢ ᠬᠠᠷᠠᠭᠳᠠᠨ᠎ᠠ | ᠪᠠᠷᠪᠠᠭᠠᠷ ᠰᠠᠬᠠᠯᠳᠠᠢ ᠲᠤᠷᠵᠢ ᠠᠪᠤ | ᠪᠦᠰᠡ ᠴᠢᠩᠭᠠᠯᠠᠵᠤ ᠬᠦᠳᠤᠯ ᠲᠠᠮᠵᠢᠨ ᠮᠦᠷ ᠬᠦᠭᠡᠭᠡᠨ᠎ᠡ | ᠮᠦᠷ ᠲᠠᠷᠤᠵᠤ ᠱᠠᠭ᠎ᠠ ᠴᠢᠨᠡᠭᠡ ᠤᠷᠤᠭᠰᠠᠨ ᠴᠠᠰᠣᠨ ᠳᠤ | ᠮᠦᠷᠤᠭᠡᠳᠣᠯ ᠤᠨ ᠮᠦᠷ ᠰᠢᠨᠡᠭᠡᠨ ᠢᠶᠠᠷ ᠲᠤᠳᠤᠷᠠᠨᠠᠮ | ᠮᠦᠡᠭᠭᠡ ᠶᠢᠨ ᠶᠤᠮ ᠰᠢᠭ ᠰᠢᠪᠡᠨᠡᠭᠡ ᠶᠢ ᠴᠢᠩᠨᠠᠵᠤ | ᠮᠦᠡᠭᠭᠦᠨ ᠤᠳᠤᠳ ᠤᠨ ᠨᠢᠳᠦ ᠰᠠᠶᠢᠮᠠᠶᠢᠨᠠᠮ ᠁ | | ︽ᠠᠷᠦ ᠬᠤᠷᠴᠢᠨ︾ ᠶᠡᠷᠤᠩᠭᠡᠢ11 ᠳ᠋ᠤᠭᠠᠷ ᠬᠤᠭᠤᠴᠠᠭ᠎ᠠ ᠠᠴᠠ ᠰᠤᠩᠭᠤᠪᠠ | |