ᠨᠤᠳᠤᠭ ᠤᠨ ᠵᠠᠮ
ᠨᠡᠶᠢᠲᠡᠯᠡᠭᠰᠡᠨ ᠴᠠᠭ᠄
2020/12/1
                               ᠰᠠᠶᠢ᠊· ᠰᠢᠷᠠᠪᠠᠷᠰ        ᠨᠡᠬᠦᠬᠦ ᠶᠢᠨ ᠶᠡᠭᠡ ᠤᠬᠠᠭᠠᠨ ᠢ ᠨᠡᠷ᠎ᠡ ᠲᠠᠷ ᠢᠶᠠᠷ ᠢᠶᠠᠨ ᠵᠢᠷᠤᠵᠤ        ᠨᠠᠷᠠᠨ ᠵᠦᠭ ᠤᠨ ᠦᠯᠢᠭᠡᠷ ᠢ ᠰᠠᠯᠬᠢ ᠲᠤᠭᠤᠰᠤ ᠪᠠᠷ ᠢᠶᠠᠨ ᠬᠡᠯᠬᠢᠵᠤ        ᠨᠤᠳᠤᠭ ᠤᠨ ᠨᠠᠮᠠᠬᠠᠨ ᠤᠷᠤᠶᠢᠳ ᠠᠴᠠ ᠲᠡᠭᠷᠢ ᠳᠤ ᠪᠢᠴᠢᠬᠦ ᠬᠠᠶ᠋ᠢᠭ        ᠨᠠᠰᠤᠨ ᠪᠤᠭᠤᠷᠤᠯ ᠤᠨ ᠮᠦᠷ ᠠᠴᠠ ᠲᠡᠯᠡᠭᠡᠢ ᠬᠡᠯᠪᠢᠬᠦ ᠲᠠᠶᠠᠭ        ᠤᠯᠠᠷᠢᠯ ᠤᠯᠠᠷᠢᠯ ᠤᠨ ᠦᠡᠭᠭᠡ ᠪᠠᠷ ᠡᠭᠡᠯ ᠲᠦᠷᠬᠦ ᠪᠠᠨ ᠰᠦᠯᠡᠭᠴᠢ        ᠤᠨ ᠴᠠᠭ ᠤᠨ ᠬᠦᠷᠳᠤ ᠪᠠᠷ ᠡᠷᠬᠢᠮᠰᠦᠭ ᠭᠠᠯᠪᠢᠷ ᠢᠶᠠᠨ ᠴᠢᠮᠡᠭᠴᠢ        ᠤᠷᠴᠢᠯᠡᠩ ᠤᠨ ᠠᠭᠤᠳᠠᠮ ᠬᠡᠯᠪᠡᠷᠢ ᠶᠢ ᠲᠤᠯᠪᠤ ᠲᠤᠯᠪᠦ ᠪᠠᠷ ᠬᠡᠮᠵᠢᠭᠴᠢ        ᠡᠭᠦᠳᠡ ᠲᠡᠭᠷᠢ ᠬᠤᠶᠠᠷ ᠢ ᠠᠯᠬᠤᠮ ᠠᠯᠬᠤᠮ ᠢᠶᠠᠷ ᠬᠤᠯᠪᠤᠭᠴᠢ        ᠤᠷᠳᠤ ᠶᠢᠨ ᠲᠠᠭᠤᠤ ᠠᠴᠠ ᠴᠤ ᠤᠷᠳᠤ ᠲᠤᠮᠤᠭ ᠲᠤᠤᠯᠢ ᠶᠢᠨ ᠲᠠᠭᠤᠤ        ᠡᠷᠳᠡ ᠤᠷᠢᠳᠤ ᠠᠴᠠ  ᠴᠤ ᠬᠤᠯᠠ ᠦᠯᠢᠭᠡᠷ ᠬᠠᠭᠤᠴᠢ ᠶᠢᠨ ᠴᠤᠤ        ᠦᠭᠡᠷ ᠲᠡᠷᠭᠡ ᠪᠠᠷ ᠠᠮᠢᠳᠤᠷᠠᠯ ᠴᠦᠷᠬᠦᠯᠡᠬᠦ ᠠᠶᠠᠨ ᠤ ᠲᠠᠷ        ᠡᠪᠦᠭᠡᠳ ᠤᠨ ᠲᠡᠣᠬᠡ ᠪᠠᠷ ᠠᠮᠢᠵᠢᠷᠠᠯ ᠵᠠᠷᠯᠠᠬᠤ ᠦᠨᠡᠨ ᠤ ᠰᠦᠷ        ᠠᠭᠤᠯᠠᠰ ᠲᠠᠪᠠᠭ᠋ᠤ ᠪᠠᠷ ᠨᠤᠳᠤᠭ ᠤᠨ ᠵᠠᠮ ᠭᠠᠵᠠᠷ ᠤᠨ ᠰᠣᠯᠣᠩᠭ᠎ᠠ        ᠤᠰᠤᠨ ᠳᠤ ᠨᠡᠪᠳᠡᠷᠡᠬᠦ ᠪᠠᠷ ᠨᠤᠳᠤᠭ ᠤᠨ ᠵᠠᠮ ᠡᠬᠦᠯᠡᠰ ᠤᠨ ᠬᠡ        ᠤᠶᠠᠭᠠᠨ ᠳᠤ ᠡᠷᠬᠢᠴᠡᠬᠦ ᠪᠠᠷ ᠨᠤᠳᠤᠭ ᠤᠨ ᠵᠠᠮ ᠰᠦᠷᠦᠭ ᠤᠨ ᠬᠦᠨᠠᠰᠣ        ᠤᠬᠠᠭᠠᠨ ᠳᠤ ᠬᠤᠷᠭᠤᠭᠳᠠᠬᠤ ᠪᠠᠷ ᠨᠤᠳᠤᠭ ᠤᠨ ᠵᠠᠮ ᠰᠡᠳᠬᠢᠯ ᠤᠨ ᠰᠦᠨᠡᠰᠣ          ᠰᠠᠯᠬᠢ ᠨᠠᠭᠠᠳᠣᠬᠤ ᠮᠤᠳᠤᠳ ᠰᠡᠭᠦᠳᠡᠷ ᠢᠶᠠᠨ ᠰᠢᠬᠦᠷᠯᠡᠨ ᠠᠮᠤᠷᠵᠢᠬᠤ        ᠬᠦᠯᠦᠭ ᠰᠢᠯᠭᠠᠬᠤ ᠲᠤᠭᠤᠰᠤ ᠰᠦᠯᠳᠡ ᠨᠠᠮᠢᠷᠠᠭᠠᠨ ᠵᠢᠷᠢᠯᠵᠡᠬᠦ        ᠰᠠᠷᠠ ᠬᠦᠭᠡᠷᠤᠬᠦ ᠰᠦᠨᠢ ᠭᠡᠷᠡᠯ ᠱᠠᠭᠯᠠᠨ ᠲᠤᠪᠤᠯᠵᠠᠬᠤ        ᠬᠦᠳᠡᠭᠡ ᠶᠢᠨ ᠵᠠᠮ ᠢᠶᠠᠷ ᠪᠢ  ︽ᠨᠢᠭᠤᠴᠠ ᠲᠤᠪᠴᠢᠶᠠᠨ︾ ᠳᠤ ᠠᠭᠤᠰᠤᠨᠠᠮ ᠁                 ︽ᠠᠷᠦ ᠬᠤᠷᠴᠢᠨ︾ ᠶᠡᠷᠤᠩᠭᠡᠢ11 ᠳ᠋ᠤᠭᠠᠷ ᠬᠤᠭᠤᠴᠠᠭ᠎ᠠ ᠠᠴᠠ ᠰᠤᠩᠭᠤᠪᠠ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号