ᠡᠬᠡ ᠪᠠᠶᠢᠭᠠᠯᠢ ᠶᠢᠨ ᠭᠠᠶᠢᠬᠠᠮᠰᠢᠭ ︵ᠳᠣᠯᠤᠭ᠎ᠠ︶
ᠨᠡᠶᠢᠲᠡᠯᠡᠭᠰᠡᠨ ᠴᠠᠭ᠄
2020/12/11
           — ᠬᠤᠨᠠᠨ᠂ ᠭᠦᠢᠯᠢᠨ ᠢᠶᠠᠷ ᠬᠤᠷᠤᠮ ᠵᠤᠭᠠᠴᠠᠭᠠᠳ                                            ᠨᠠ᠊ · ᠵᠢᠷᠭᠠᠯ         ᠵᠤᠭᠠᠴᠠᠯ      ᠵᠠᠩ ᠵᠢᠶᠠ ᠵᠢᠶᠧ ᠶᠢᠨ ᠵᠤᠭᠠᠴᠠᠯ ᠲᠠᠶᠠᠩ ᠳᠤ ᠴᠤᠣᠳᠠᠢ      ᠵᠢᠯ ᠪᠦᠷᠢ ᠶᠢᠨ ᠵᠤᠴᠢᠳ ᠭᠤᠷᠪᠠᠨ ᠮᠢᠩᠭᠠᠨ ᠲᠦᠮᠡ ᠭᠡᠨ᠎ᠡ      ᠨᠢᠭᠡ ᠯᠡ ᠰᠢᠶᠠᠨ ᠤ ᠤᠷᠤᠯᠭ᠎ᠠ ᠵᠠᠭᠤ ᠵᠢᠷᠠᠨ ᠳ᠋ᠦᠩᠰᠢᠭᠤᠷ ᠲᠦᠭᠦᠷᠢᠭ      ᠨᠠᠷᠢᠪᠴᠢᠯᠠᠨ ᠰᠣᠨᠣᠰᠣᠭᠠᠳ ᠪᠣᠳᠣᠪᠠᠯ ᠲᠤᠯᠤᠭᠠᠢ ᠰᠠᠵᠢᠨ᠎ᠠ      ᠠᠰᠢᠭ ᠤᠷᠤᠯᠭ᠎ᠠ ᠨᠡᠮᠡᠭᠳᠡᠭᠡᠳ ᠠᠷᠠᠳ ᠢᠷᠭᠡᠳ ᠪᠠᠶᠠᠨ      ᠠᠳᠠᠭ ᠶᠠᠳᠠᠭᠤ ᠡᠷᠦᠬᠡ ᠨᠢ ᠲᠠᠪᠢᠨ ᠲᠦᠮᠡᠨ ᠲᠦᠭᠦᠷᠢᠭ ᠲᠠᠢ ᠭᠡᠨ᠎ᠡ      ᠡᠬᠡ ᠪᠠᠶᠢᠭᠠᠯᠢ ᠶᠢᠨ ᠬᠡᠰᠢᠭ ᠢᠶᠠᠷ ᠬᠦᠷᠦᠩᠭᠡ ᠵᠤᠵᠠᠭᠠᠷᠠᠭᠰᠠᠨ ᠨᠤᠳᠤᠭ      ᠡᠷᠭᠢᠨ ᠵᠤᠭᠠᠴᠠᠬᠤ ᠬᠦᠮᠦᠰ ᠤᠨ ᠰᠡᠭᠡᠭᠡᠷᠡᠨ ᠤᠬᠠᠮᠰᠠᠷᠠᠬᠤ ᠬᠢᠴᠢᠶᠡᠯ         ᠭᠦᠢᠯᠢᠨ ᠳᠤ      ᠠᠭᠤᠯᠠ ᠶᠢᠨ ᠤᠷᠭᠤᠮᠠᠯ ᠨᠤᠭᠤᠭᠠᠷᠠᠨ ᠵᠤᠨ ᠤ ᠠᠮᠢᠰᠬᠤᠯ ᠰᠡᠪᠡᠯᠵᠡᠵᠤ      ᠤᠰᠤᠨ ᠤ ᠰᠢᠪᠠᠭᠤᠳ ᠤᠯᠠᠷᠢᠯ ᠤᠨ ᠰᠠᠶᠢᠬᠠᠨ ᠢ ᠮᠡᠳᠡᠭᠡᠯᠡᠨ᠎ᠡ      ᠯᠢ ᠵᠢᠶᠠᠩ ᠮᠦᠷᠡᠨ ᠳᠤ ᠤᠩᠭᠤᠴᠠ ᠲᠠᠷᠪᠠᠭᠤᠯ ᠴᠦᠷᠬᠦᠯᠡᠭᠡᠳ      ᠨᠤᠳᠤᠭ ᠤᠨ ᠰᠢᠳᠢ ᠶᠢ ᠬᠦᠮᠦᠰ ᠲᠤ ᠦᠨᠡᠮᠰᠢᠭᠦᠯᠦᠨ᠎ᠡ      ᠲᠦᠷᠪᠡᠨ ᠵᠦᠭ ᠢ ᠠᠵᠢᠭᠯᠠᠬᠤ ᠳᠤ ᠴᠡᠯᠭᠡᠮ᠎ᠡ ᠨᠤᠭᠤᠭᠠᠨ ᠦᠵᠡᠮᠵᠢ      ᠲᠠᠷᠪᠠᠭᠤᠯ ᠬᠡᠶᠢᠰᠭᠡᠨ ᠠᠶᠠᠯᠠᠬᠤ ᠳᠤ ᠴᠡᠴᠡᠭᠳᠤ ᠡᠷᠭᠢ ᠡᠮᠵᠢᠶᠡᠷᠢᠯᠡᠨ᠎ᠡ      ᠬᠤᠪᠤᠷᠬᠠᠨ ᠰᠠᠶᠢᠬᠠᠨ ᠠᠭᠤᠯᠠ ᠬᠠᠶᠢᠷᠬᠠᠨ ᠮᠦᠷᠡᠨ ᠳᠤ ᠲᠤᠯᠢᠳᠠᠭᠠᠳ      ᠬᠤᠷᠸ᠎ᠠ ᠶᠢᠨ ᠬᠠᠴᠢᠨ ᠭᠠᠶᠢᠬᠠᠮᠰᠢᠭ ᠬᠠᠷᠠᠭᠠᠨ ᠳᠤ ᠮᠢᠷᠠᠯᠵᠠᠨ᠎ᠠ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号