ᠡᠬᠡ ᠪᠠᠶᠢᠭᠠᠯᠢ ᠶᠢᠨ ᠭᠠᠶᠢᠬᠠᠮᠰᠢᠭ ︵ᠨᠠᠢᠮᠠ︶
ᠨᠡᠶᠢᠲᠡᠯᠡᠭᠰᠡᠨ ᠴᠠᠭ᠄
2020/12/11
               — ᠬᠤᠨᠠᠨ᠂ ᠭᠦᠢᠯᠢᠨ ᠢᠶᠠᠷ ᠬᠤᠷᠤᠮ ᠵᠤᠭᠠᠴᠠᠭᠠᠳ                                                 ᠨᠠ᠊ · ᠵᠢᠷᠭᠠᠯ           ᠵᠢᠩ ᠵᠢᠶᠠᠩ ᠸᠠᠩ ᠤᠨ ᠤᠷᠳᠤᠨ      ᠨᠤᠶᠠᠳ ᠤᠨ ᠰᠠᠭᠤᠭᠰᠠᠨ ᠤᠷᠳᠤᠨ ᠢᠶᠠᠨ ᠲᠡᠤᠬᠡ ᠬᠡᠮᠡᠨ ᠦᠮᠴᠢᠷᠬᠡᠵᠤ      ᠨᠡᠶᠢᠰᠯᠡᠯ ᠬᠤᠳᠠᠨ ᠤ ᠪᠠᠭᠤᠴᠠ ᠭᠡᠵᠤ ᠤᠮᠤᠭᠰᠢᠨ ᠬᠠᠭᠤᠴᠢᠯᠠᠨ᠎ᠠ      ᠵᠢᠷᠠᠨ ᠨᠤᠶᠠᠳ ᠤᠨ ᠬᠦᠷᠦᠭ ᠢᠶᠠᠷ ᠵᠢᠷᠣᠬᠠᠢ ᠲᠦᠯᠭᠡ ᠲᠡᠯᠭᠡᠵᠤ      ᠵᠤᠷᠴᠢᠨ ᠵᠤᠭᠠᠴᠠᠭᠰᠠᠳ ᠤᠨ ᠬᠤᠪᠢ ᠵᠠᠶᠠᠭ᠎ᠠ ᠶᠢ ᠠᠶᠢᠯᠠᠳᠣᠨ᠎ᠠ      ᠲᠦᠷᠦ ᠭᠦᠷᠦᠨ ᠤ ᠶᠡᠬᠡᠰ ᠪᠠᠭ᠋ᠠᠷᠬᠠᠨ ᠦᠵᠡᠭᠰᠡᠨ ᠭᠠᠵᠠᠷ      ᠲᠤᠭᠤᠭᠠᠨᠳᠡᠮᠤᠷ᠂ ᠰᠦᠨ ᠵᠦᠩ ᠱᠠᠨ ᠨᠤᠮ ᠪᠢᠰᠢᠯᠭᠠᠭᠰᠠᠨ ᠤᠷᠳᠣᠨ      ᠦᠭᠡᠷᠡᠴᠢᠯᠡᠯᠳᠡ ᠰᠢᠨᠡᠴᠢᠯᠡᠯᠳᠡ ᠶᠢ ᠵᠠᠭᠤᠨ ᠤ ᠴᠠᠭᠠᠨ᠎ᠠ ᠰᠡᠳᠦᠵᠤ      ᠡᠳᠦᠭᠡ ᠴᠠᠭ ᠤᠨ ᠬᠦᠮᠦᠰ ᠲᠤ ᠤᠬᠠᠭᠠᠨ ᠪᠤᠳᠣᠯ ᠢᠪᠡᠭᠡᠨ᠎ᠡ      ᠲᠡᠤᠬᠡ ᠰᠣᠳᠣᠷ ᠢ ᠲᠡᠯᠭᠡᠨ ᠦᠯᠢᠭᠡᠷ ᠰᠣᠨᠣᠰᠬᠤ ᠳᠤ      ᠲᠦᠷᠦᠭᠦᠴᠢ ᠶᠢᠨ ᠬᠦᠮᠦᠰ ᠤᠨ ᠤᠯᠠ ᠮᠦᠷ ᠲᠤᠳᠣᠷᠠᠨ᠎ᠠ      ᠲᠠᠬᠢᠯ ᠡᠷᠭᠦᠨ ᠬᠦᠵᠢ ᠰᠢᠳᠠᠭᠠᠭᠴᠢ ᠶᠢ ᠠᠵᠢᠭᠯᠠᠬᠤ ᠳᠤ      ᠲᠠᠪᠤᠨ ᠲᠦᠷᠦᠯ ᠤᠨ ᠰᠠᠶᠢᠨ ᠪᠦᠬᠦᠨ ᠢ ᠨᠠᠮᠠᠨᠴᠢᠯᠠᠨ᠎ᠠ      ᠤᠷᠭᠤᠭ᠎ᠠ ᠮᠤᠳᠣᠨ ᠤ ᠨᠠᠮᠠᠭ᠎ᠠ ᠰᠠᠯᠠᠭ᠎ᠠ ᠶᠢ ᠯᠤᠣ ᠭᠠᠷᠣᠳᠢ ᠪᠠᠷ ᠲᠤᠮᠤᠭᠯᠠᠵᠤ      ᠤᠰᠤ ᠭᠤᠤᠯ ᠤᠨ ᠬᠦᠷᠬᠢᠷ᠎ᠡ ᠪᠠᠷ ᠡᠵᠡᠨ ᠰᠠᠬᠢᠭᠤᠰᠣ ᠪᠠᠨ ᠰᠢᠳᠢᠴᠢᠯᠡᠨ᠎ᠡ      ᠡᠷᠳᠡᠮᠳᠡᠨ ᠮᠡᠷᠭᠡᠳ ᠤᠨ ᠰᠢᠯᠭᠠᠭᠤᠯᠢ ᠪᠠᠷ ᠬᠦᠮᠦᠰ ᠢ ᠭᠤᠬᠠᠳᠠᠵᠤ      ᠡᠭᠦᠳᠡᠨ ᠪᠢᠯᠧᠲ ᠨᠤᠮ ᠤᠨ ᠬᠠᠭᠤᠳᠠᠰᠣ ᠪᠠᠷ ᠮᠦᠩᠭᠦ ᠬᠤᠷᠠᠮᠳᠤᠭᠤᠯᠤᠨ᠎ᠠ      
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号