ᠨᠠ᠊ · ᠵᠢᠷᠭᠠᠯ | | ᠳᠡᠯᠭᠡᠷ ᠬᠤᠷᠸ᠎ᠠ ᠶᠢᠨ ᠵᠢᠮ᠎ᠡ ᠪᠠᠷ | ᠳᠡᠯᠡᠬᠡᠢ ᠪᠠᠨ ᠪᠦᠷᠬᠦᠨ ᠠᠮᠢᠯᠠᠳᠠᠭ | ᠳᠡᠯᠭᠡᠭᠰᠡᠨ ᠴᠡᠴᠡᠭ ᠤᠨ ᠦᠵᠡᠮᠵᠢ ᠨᠢ | ᠳᠠᠯᠠᠢ ᠶᠢᠨ ᠳᠠᠪᠠᠯᠭᠠᠨ ᠬᠠᠶᠠᠯᠠᠳᠠᠭ | | ᠪᠠᠶᠢᠭᠠᠯᠢ ᠡᠬᠡ ᠶᠢᠨ ᠰᠢᠮ᠎ᠡ ᠪᠠᠷ | ᠪᠤᠮᠠᠨ ᠴᠡᠴᠡᠭᠡᠰ ᠨᠢ ᠪᠦᠵᠢᠭᠯᠡᠳᠡᠭ | ᠪᠠᠳᠠᠷᠠᠭᠰᠠᠨ ᠨᠠᠪᠴᠢᠰ ᠤᠨ ᠳᠡᠯᠪᠢ ᠨᠢ | ᠪᠠᠭ᠋ᠠᠳᠤᠭᠰᠠᠨ ᠤᠷᠭᠤᠮᠠᠯ ᠢᠶᠠᠨ ᠬᠤᠷᠤᠶᠢᠯᠠᠳᠠᠭ | | ᠮᠦᠬᠦᠯᠢᠭ ᠮᠦᠬᠦᠯᠢᠭ ᠦᠷ᠎ᠡ ᠨᠢ | ᠮᠢᠩᠭᠠᠨ ᠮᠦᠴᠢᠷ ᠬᠤᠯᠪᠤᠳᠠᠭ | ᠮᠠᠩᠬ᠎ᠠ ᠲᠠᠯ᠎ᠠ ᠪᠠᠨ ᠮᠢᠯᠢᠶᠠᠨ | ᠮᠠᠩᠨᠤᠭ ᠬᠤᠴᠢᠯᠭ᠎ᠠ ᠭᠤᠶᠤᠯᠠᠳᠠᠭ | | ᠬᠦᠷᠦᠰᠦ ᠰᠢᠷᠤᠢ ᠪᠠᠨ ᠰᠢᠮᠡᠵᠢᠭᠦᠯᠦᠨ | ᠬᠦᠨᠦᠭᠡᠯ ᠲᠠᠷᠴᠢᠯᠭᠠᠯ ᠢ ᠬᠤᠷᠮᠤᠶᠢᠯᠠᠳᠠᠭ | ᠬᠦᠮᠦᠨ ᠠᠮᠢᠲᠠᠨ ᠢ ᠪᠦᠬᠡᠴᠦᠶᠢᠯᠡᠨ | ᠬᠦᠳᠡᠭᠡ ᠬᠡᠭᠡᠷ᠎ᠡ ᠪᠠᠨ ᠬᠠᠮᠠᠭᠠᠯᠠᠳᠠᠭ | | ᠡᠯᠳᠡᠪ ᠭᠠᠮᠰᠢᠭ ᠢ ᠢᠯᠠᠭᠰᠠᠨ | ᠡᠴᠢᠨ᠎ᠡ ᠬᠦᠴᠦᠨ ᠢᠶᠠᠨ ᠱᠠᠭᠰᠢᠭᠤᠯᠳᠠᠭ | ᠤᠷᠤᠰᠢᠬᠤ ᠶᠢᠷᠲᠢᠨᠴᠦ ᠶᠢᠨ ᠵᠠᠢ ᠳᠤ | ᠠᠮᠢᠵᠢᠷᠠᠯ ᠤᠨ ᠰᠢᠳᠢ ᠪᠠᠨ ᠭᠠᠶᠢᠬᠠᠭᠤᠯᠳᠠᠭ | | |