ᠨᠠ᠊ · ᠵᠢᠷᠭᠠᠯ | | ᠲᠠᠴᠢᠷ ᠬᠦᠷᠦᠰᠦᠨ ᠳᠤ ᠦᠨᠳᠦᠰᠦᠯᠡᠨ | ᠳᠡᠯᠭᠡᠭᠰᠡᠨ ᠨᠠᠪᠴᠢᠰ ᠨᠢ ᠨᠤᠭᠤᠭᠠᠷᠠᠳᠠᠭ | ᠲᠠᠮᠤᠯᠠᠯ ᠭᠠᠮᠰᠢᠭ ᠲᠤ ᠰᠦᠬᠦᠷᠡᠯ ᠦᠭᠡᠢ | ᠳᠠᠯᠠᠨ ᠰᠠᠯᠠᠭ᠎ᠠ ᠨᠢ ᠮᠦᠴᠢᠷᠯᠡᠳᠡᠭ | | ᠬᠠᠵᠠᠭᠤ ᠭᠠᠵᠠᠷ ᠤᠷᠭᠤᠭᠰᠠᠨ ᠴᠦ | ᠬᠠᠯᠠᠭᠤᠨ ᠰᠢᠷᠤᠢ ᠪᠠᠨ ᠰᠠᠬᠢᠳᠠᠭ | ᠬᠠᠬᠢᠷ ᠰᠢᠭᠤᠷᠭᠠᠨ ᠰᠢᠯᠪᠢᠭᠦᠷᠳᠡᠭᠰᠡᠨ ᠴᠦ | ᠬᠠᠪᠤᠷ ᠬᠠᠪᠤᠷ ᠲᠤ ᠪᠠᠨ ᠠᠮᠢᠯᠠᠳᠠᠭ | | ᠰᠦᠷᠳᠡᠰᠢ ᠦᠭᠡᠢ ᠰᠡᠬᠦᠶᠢᠬᠦ ᠨᠢ | ᠰᠠᠯᠬᠢᠨ ᠭᠠᠮᠰᠢᠭ ᠤᠨ ᠨᠦᠮᠦᠷᠢ ᠶᠤᠮ | ᠰᠠᠵᠢᠯᠤᠨ ᠰᠠᠵᠢᠯᠤᠨ ᠢᠯᠪᠢᠬᠦ ᠨᠢ | ᠰᠠᠶᠢᠬᠠᠨ ᠬᠠᠪᠤᠷ ᠤᠨ ᠪᠡᠯᠭᠡᠳᠡᠯ ᠶᠤᠮ | | ᠤᠨ ᠤᠨ ᠳᠤ ᠪᠠᠨ ᠤᠷᠭᠤᠬᠤ | ᠣᠤᠭᠠᠯ ᠪᠠᠶᠢᠭᠠᠯᠢ ᠶᠢᠨ ᠬᠡᠰᠢᠭ ᠪᠢᠯᠡ | ᠤᠷᠴᠢᠨ ᠠᠬᠤᠢ ᠳᠤ ᠪᠠᠨ ᠵᠤᠬᠢᠴᠠᠬᠤ | ᠠᠮᠢᠵᠢᠷᠠᠯ ᠲᠡᠭᠦᠰ ᠤᠷᠭᠤᠮᠠᠯ ᠪᠢᠯᠡ | | ᠬᠦᠷᠦᠰᠦ ᠪᠠᠨ ᠬᠠᠮᠠᠭᠠᠯᠠᠨ ᠬᠦᠬᠡᠷᠡᠬᠦ | ᠨᠤᠲᠤᠭ ᠤᠨ ᠨᠤᠭᠤᠭᠠᠨ ᠤᠢ ᠶᠤᠮ | ᠬᠤᠯᠠ ᠶᠢ ᠰᠠᠷᠠᠪᠴᠢᠯᠠᠨ ᠪᠠᠷᠠᠯᠠᠬᠤ | ᠨᠤᠭᠤᠷᠠᠰᠢ ᠦᠭᠡᠢ ᠭᠡᠷᠡᠴᠢ ᠶᠤᠮ | |