ᠲᠦᠷᠬᠦᠮ ᠤᠨ ᠨᠠᠮᠣᠷ
ᠨᠡᠶᠢᠲᠡᠯᠡᠭᠰᠡᠨ ᠴᠠᠭ᠄
2020/12/3
                                ᠲᠤᠯᠤᠳ ᠰ᠊· ᠬᠠᠰᠴᠢᠮᠡᠭ              ᠲᠡᠷᠭᠡᠯ ᠨᠠᠮᠤᠷ ᠢᠶᠠᠷ ᠲᠦᠷᠬᠦᠮ ᠰᠠᠨᠠᠵᠤ ᠨᠤᠳᠤᠭ ᠢᠶᠠᠨ ᠵᠤᠷᠢᠯ᠎ᠠ        ᠲᠠᠩᠰᠤᠭ ᠦᠷᠨᠢᠭᠦᠨ ᠨᠠᠮᠤᠷᠵᠢᠶ᠎ᠠ ᠪᠢᠯᠬᠠᠷᠠᠨ ᠤᠭᠳᠤᠯ᠎ᠠ        ᠲᠦᠭᠦᠮ ᠤᠨ ᠠᠶᠢᠯ ᠤᠳ ᠨᠢᠭᠤᠷ ᠤᠨ ᠭᠡᠭᠡ ᠲᠠᠢ ᠲᠡᠪᠡᠷᠢᠨ ᠤᠭᠳᠤᠯ᠎ᠠ        ᠲᠠᠨᠵᠢ  ᠭᠤᠪᠢ ᠮᠢᠨᠢ ᠦᠨᠢᠷ ᠡᠯᠪᠡᠭ ᠮᠢᠰᠢᠶᠠᠨ ᠤᠭᠳᠤᠯ᠎ᠠ        ᠠᠯᠳᠠᠯᠠᠨ ᠵᠣᠷᠠᠶᠢᠭᠰᠠᠨ ᠵᠠᠮ ᠨᠢ ᠰᠣᠯᠣᠩᠭᠠᠷᠠᠨ ᠤᠭᠳᠤᠯ᠎ᠠ        ᠠᠯᠤᠰ ᠲᠤ ᠰᠦᠮᠡᠯᠵᠡᠬᠦ ᠵᠡᠷᠭᠡᠯᠭᠡᠨ ᠨᠢ ᠪᠦᠵᠢᠭᠯᠡᠨ ᠤᠭᠳᠤᠯ᠎ᠠ        ᠦᠶᠦᠭ ᠰᠢᠷᠭᠠᠯ ᠨᠠᠷᠠᠨ ᠵᠤᠯᠠᠢ ᠦᠨᠤᠰᠤᠨ ᠤᠭᠳᠤᠯ᠎ᠠ        ᠦᠷᠯᠤᠭᠡ ᠶᠢᠨ ᠰᠢᠭᠦᠳᠡᠷᠢ ᠮᠦᠬᠦᠯᠢᠭ ᠬᠡᠯᠬᠢᠨ ᠤᠭᠳᠤᠯ᠎ᠠ        ᠠᠪᠦ ᠶᠢᠨ ᠪᠠᠷ᠎ᠠ ᠲᠠᠢ ᠠᠭᠤᠯᠠᠰ ᠰᠦᠮᠡᠶᠢᠨ ᠰᠦᠮᠡᠶᠢᠨ ᠮᠦᠰᠢᠶᠡᠯ᠎ᠡ        ᠠᠷᠭᠤᠮᠠᠭ ᠬᠦᠯᠦᠭ ᠤᠨ ᠬᠢᠨᠢ ᠬᠠᠵᠠᠭᠠᠷ ᠨᠢ ᠬᠠᠨᠭ᠍ᠬᠢᠨᠠᠩᠬᠠᠨ ᠪᠠᠶᠢᠯ᠎ᠠ        ᠡᠵᠢ ᠶᠢᠨ ᠦᠨᠤᠷ ᠲᠠᠢ ᠰᠠᠯᠬᠢᠨ ᠡᠩᠭᠡᠷ ᠢ ᠢᠯᠪᠢᠨ ᠦᠨᠤᠰᠤᠯ᠎ᠡ        ᠡᠷᠬᠡ ᠬᠤᠨᠭ᠍ᠭᠤᠷ ᠬᠡᠤᠬᠡᠨ ᠢᠶᠠᠨ ᠦᠭᠦᠭᠡᠷᠳᠡᠨ ᠡᠮᠰᠡᠭᠯᠡᠯ᠎ᠡ        ᠭᠡᠭᠡᠷ᠎ᠡ ᠶᠢᠨ ᠴᠠᠢ ᠶᠢᠨ ᠰᠡᠪᠡᠬᠦᠨ ᠦᠨᠦᠷ        ᠬᠠᠳᠣᠯᠠᠩ ᠤᠨ ᠰᠣᠷ ᠢᠶᠠᠷ ᠬᠠᠨᠭ᠍ᠬᠤᠯᠠᠵᠤ ᠪᠠᠶᠢᠯ᠎ᠠ        ᠬᠠᠳᠣᠭᠤᠷ ᠰᠠᠨᠳᠣᠣ ᠶᠢᠨ ᠲᠤᠷᠭᠠᠨ ᠢᠷ        ᠬᠠᠯᠢᠭᠤᠨ ᠨᠠᠮᠤᠷ ᠢᠶᠠᠷ ᠢᠷᠮᠡᠬᠦᠨ ᠪᠠᠶᠢᠯ᠎ᠠ        ᠢᠨᠠᠭᠰᠢᠨ ᠴᠠᠮᠨᠠᠬᠤ ᠬᠤᠤᠰ ᠲᠤᠭᠤᠷᠤᠤ        ᠨᠠᠷᠢᠨ ᠲᠠᠯ᠎ᠠ ᠶᠢᠨ ᠮᠢᠨᠢ ᠢᠬᠢᠷᠭᠡᠨ ᠦᠵᠡᠮᠵᠢ        ᠮᠢᠷᠠᠯᠵᠠᠨ ᠬᠤᠨᠢᠶᠠᠰᠤᠯᠠᠬᠤ ᠴᠠᠭᠠᠨ ᠨᠠᠭᠤᠷ ᠤᠨ ᠤᠰᠤᠨ        ᠨᠤᠳᠤᠭ ᠤᠨ ᠭᠠᠯᠠᠭᠤᠳ ᠤᠨ ᠵᠢᠷᠤᠬᠡᠨ ᠤ ᠡᠭᠡᠨᠡᠩᠰᠢᠯ        ᠲᠠᠭᠠᠨ᠎ᠠ ᠮᠠᠩᠬᠢᠷ ᠤᠨ ᠰᠣᠭᠳᠣᠭᠤᠷᠠᠮ᠎ᠠ ᠰᠠᠩᠬᠢᠨᠡᠭᠡᠨ ᠳᠤ ᠨᠢ        ᠲᠤᠮᠤᠭ᠎ᠠ ᠦᠭᠡᠢ ᠦᠶ᠎ᠡ ᠶᠢᠨ ᠮᠢᠨᠢ ᠢᠨᠢᠶᠡᠳᠣ ᠰᠢᠩᠭᠡᠵᠤ        ᠲᠤᠷᠭᠠᠨ ᠲᠠᠯ᠎ᠠ ᠶᠢᠨ ᠬᠠᠯᠠᠭᠤᠨ ᠡᠯᠢᠭᠡᠨ ᠳᠤ        ᠲᠤᠭᠠᠳᠠᠢ ᠨᠠᠰᠤᠨ ᠤ ᠮᠢᠨᠢ ᠲᠤᠷᠠᠳᠬᠠᠯ ᠬᠤᠨᠤᠭᠰᠢᠨ᠎ᠠ ᠁        ᠰᠡᠷᠢᠬᠦᠨ ᠨᠠᠮᠤᠷ ᠢᠶᠠᠷ ᠲᠦᠷᠬᠦᠮ ᠢᠶᠠᠨ ᠰᠠᠨᠠᠵᠤ ᠨᠤᠳᠤᠭ ᠵᠤᠷᠢᠯ᠎ᠠ        ᠰᠡᠪᠡᠯᠵᠡᠬᠦ ᠵᠢᠪᠡᠷ ᠲᠤ ᠨᠢ ᠨᠢᠯᠬᠠᠷᠠᠨ ᠨᠠᠶᠢᠷᠠᠭ ᠬᠡᠯᠬᠢᠨ ᠤᠶᠠᠰᠣᠯ᠎ᠠ ᠁                    ︽ᠠᠷᠦ ᠬᠤᠷᠴᠢᠨ︾ ᠶᠡᠷᠤᠩᠭᠡᠢ11 ᠳ᠋ᠤᠭᠠᠷ ᠬᠤᠭᠤᠴᠠᠭ᠎ᠠ ᠠᠴᠠ ᠰᠤᠩᠭᠤᠪᠠ        
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号