ᠲᠤᠯᠤᠳ ᠰ᠊· ᠬᠠᠰᠴᠢᠮᠡᠭ | ᠬᠠᠷᠠᠭ᠎ᠠ ᠠᠯᠳᠠᠮ᠎ᠠ ᠠᠭᠤᠳᠠᠮ ᠲᠠᠯ᠎ᠠ ᠶᠢᠨ ᠲᠤᠮᠳᠠ | ᠬᠠᠨᠠᠳᠤ ᠭᠡᠷ ᠤᠳ ᠤᠳᠤᠷ ᠤᠨ ᠰᠠᠭᠤᠷᠢᠰᠢᠯ ᠪᠤᠯᠤᠨ ᠴᠠᠶᠢᠷᠠᠭᠠᠳ | ᠬᠠᠵᠠᠭᠤ ᠪᠠᠷ ᠨᠢ ᠵᠢᠷᠪᠢᠬᠢᠨᠠᠨ ᠤᠷᠤᠰᠬᠤ ᠭᠤᠷᠤᠬ᠎ᠠ ᠨᠠᠷᠠᠨ ᠤ ᠭᠡᠷᠡᠯ ᠳᠤ ᠬᠢᠯᠪᠠᠯᠵᠠᠨ | ᠬᠠᠶᠠ ᠪᠠᠰᠠ ᠤᠷᠳᠤ ᠶᠢᠨ ᠲᠠᠭᠤᠨ ᠤ ᠠᠶᠠᠯᠭᠤ ᠰᠣᠨᠣᠷᠳᠠᠨ ᠠᠮᠤᠭᠤᠯᠠᠩ ᠰᠠᠶᠢᠬᠠᠨ | ᠠᠳᠤᠭᠤᠴᠢᠨ ᠠᠪᠤ ᠶᠢᠨ ᠰᠦᠷᠦᠭ ᠤᠨ ᠲᠤᠭᠤᠰᠤᠨ ᠤᠭᠠᠯᠵᠠᠯᠠᠵᠤ | ᠠᠯᠤᠰ ᠲᠤ ᠲᠠᠭᠤᠯᠴᠠᠬᠤ ᠵᠡᠷᠭᠡᠯᠭᠡᠨ ᠢ ᠬᠦᠯᠦᠭᠯᠡᠨ ᠲᠡᠭᠷᠢ ᠶᠢᠨ ᠲᠠᠩᠨᠠᠢ ᠳᠤ ᠵᠠᠮᠬᠠᠷᠠᠵᠤ | ᠠᠶᠠᠰ ᠤᠨ ᠵᠦᠭᠡᠯᠡᠨ ᠰᠠᠯᠬᠢᠨ ᠳᠤ ᠤᠰᠤᠨ ᠤ ᠤᠷᠤᠰᠬᠠᠯ ᠵᠢᠮᠪᠤᠷᠳᠠᠨ | ᠠᠵᠠ ᠲᠠᠢ ᠨᠤᠳᠤᠭ ᠲᠤ ᠪᠠᠨ ᠰᠠᠨᠠᠭ᠎ᠠ ᠲᠡᠨᠢᠭᠡᠷ ᠰᠡᠯᠡᠬᠦᠨ ᠰᠠᠶᠢᠬᠠᠨ | | ᠦᠳᠡᠰᠢ ᠶᠢᠨ ᠰᠡᠷᠢᠬᠦᠨ ᠢᠶᠠᠷ ᠲᠠᠯᠠᠩ ᠨᠢ ᠴᠢᠨᠦᠭᠰᠡ ᠦᠨᠢᠶᠡᠳ ᠨᠠᠭᠠᠰᠢᠯᠠᠬᠤ ᠳᠤ | ᠦᠶ᠎ᠡ ᠵᠡᠷᠭᠡ ᠪᠠᠷ ᠬᠡᠤᠬᠡᠳ ᠤᠳ ᠬᠠᠰᠢᠶ᠎ᠠ ᠲᠤᠭᠤᠷᠢᠨ ᠬᠦᠶᠤᠯᠳᠣᠵᠤ | ᠡᠵᠢ ᠶᠢᠨ ᠢᠪᠢᠯᠦᠭᠡᠭᠰᠡᠨ ᠲᠤᠭᠤᠯ ᠢ ᠲᠠᠳᠠᠬᠤ ᠭᠡᠮᠡᠨ ᠪᠤᠯᠢᠶᠠᠯᠳᠤᠬᠤ ᠳᠤ | ︽ᠡᠪᠠᠢ᠂ ᠬᠦᠯ ᠢᠶᠠᠨ ᠪᠢᠳᠡᠭᠡᠢ ᠬᠢᠰᠬᠢᠬᠦᠯᠴᠢᠬᠡ︕︾ ᠭᠡᠵᠤ ᠤᠤᠯᠭ᠎ᠠ ᠠᠯᠳᠠᠭᠤᠯᠵᠤ ᠨᠠᠷᠬᠢᠶᠠᠨᠳᠠᠢ | ᠰᠠᠶᠢᠬᠠᠨ | | ᠵᠦᠭᠡᠯᠡᠨ ᠬᠤᠷ᠎ᠠ ᠰᠢᠪᠡᠷ ᠰᠢᠪᠡᠷ ᠬᠦᠷᠤᠰᠤᠨ ᠳᠤ ᠰᠢᠮᠡᠳᠣᠨ ᠪᠠᠭᠤᠵᠤ | ᠵᠤᠨ ᠤ ᠴᠠᠭ ᠶᠣᠮ ᠡ︕ ᠭᠡᠵᠤ ᠬᠦᠮᠤᠨ ᠪᠦᠬᠦᠨ ᠳᠤ ᠰᠠᠨᠠᠭᠳᠠᠭᠤᠯᠤᠨ | ᠵᠤᠰᠠᠭᠠᠯ ᠠᠴᠠ ᠨᠠᠮᠤᠷᠵᠢᠶ᠎ᠠ ᠳᠤ ᠨᠡᠬᠦᠳᠡᠯᠯᠡᠬᠦ ᠪᠠᠷ ᠪᠡᠯᠡᠳᠭᠡᠵᠡᠭᠡᠵᠤ | ᠵᠢᠷᠤᠭ ᠰᠢᠭ ᠨᠤᠳᠤᠭ ᠲᠤ ᠪᠠᠨ ᠵᠤᠷᠢᠭ ᠢᠶᠠᠷ ᠢᠶᠠᠨ ᠠᠮᠢᠳᠣᠷᠠᠬᠤ ᠰᠠᠶᠢᠬᠠᠨ | ︽ᠠᠷᠦ ᠬᠤᠷᠴᠢᠨ︾ ᠶᠡᠷᠤᠩᠭᠡᠢ11 ᠳ᠋ᠤᠭᠠᠷ ᠬᠤᠭᠤᠴᠠᠭ᠎ᠠ ᠠᠴᠠ ᠰᠤᠩᠭᠤᠪᠠ |