ᠪᠤᠷᠬᠠᠨ ᠤ ᠢᠪᠡᠭᠡᠯ ᠲᠠᠢ ᠢᠷᠠᠭᠤ ᠨᠠᠶᠢᠷᠠᠭ
ᠨᠡᠶᠢᠲᠡᠯᠡᠭᠰᠡᠨ ᠴᠠᠭ᠄
2020/12/7
                              ᠪᠠᠶᠠᠭᠤᠳ ᠠᠯᠳᠠᠨᠴᠡᠴᠡᠭ        ᠪᠤᠯᠬᠢᠯᠠᠬᠤ ᠵᠢᠷᠤᠬᠡᠨ ᠳᠤ ᠵᠢᠷᠬᠢᠬᠦ        ᠵᠢᠩᠬᠢᠷ ᠵᠢᠩᠬᠢᠷ ᠰᠢᠪᠠᠭᠤᠳ        ᠪᠤᠳᠤᠯ ᠵᠡᠭᠦᠳᠣᠨ ᠳᠤ ᠲᠡᠷᠭᠡᠯᠰᠢᠬᠦ        ᠭᠠᠯᠪᠢᠷᠬᠠᠨ ᠰᠠᠷᠠᠨ ᠤ ᠵᠢᠷᠤᠭ        ᠦᠷᠤᠭᠡᠯ ᠤᠨ ᠰᠡᠳᠬᠢᠯ ᠤᠨ ᠬᠢᠯᠪᠠᠭ᠎ᠠ ᠪᠠᠷ        ᠦᠷᠯᠤᠭᠡ ᠮᠠᠨᠳᠣᠭᠰᠠᠨ ᠨᠠᠷᠠᠨ ᠪᠤᠯᠵᠤ        ᠦᠪᠡᠷ ᠢ ᠮᠢᠨᠢ ᠭᠡᠶᠢᠬᠦᠯᠬᠦ ᠳᠤ ᠪᠠᠨ ᠴᠢ        ᠦᠷᠬᠦᠢ ᠴᠡᠴᠡᠭᠯᠡᠭᠰᠡᠨ ᠰᠠᠷᠭᠠᠢ        ᠢᠷᠠᠭᠤ ᠨᠠᠶᠢᠷᠠᠭ ᠮᠢᠨᠢ        ᠶᠠᠩᠵᠢᠨᠯᠾᠡᠮᠤ ᠪᠤᠷᠬᠠᠨ ᠤ ᠢᠪᠡᠭᠡᠯ ᠮᠢᠨᠢ        ᠬᠠᠷᠠᠴᠠᠨ ᠳᠤ ᠢᠷᠡᠵᠤ ᠲᠡᠯᠭᠡᠷᠡᠬᠦ        ᠬᠦᠭᠡᠷᠤᠬᠦᠨ ᠬᠡᠤᠬᠡᠳ ᠤᠨ ᠮᠢᠰᠢᠶᠡᠯ        ᠬᠠᠨᠠᠭᠠᠷ ᠲᠠᠯ᠎ᠠ ᠳᠤ ᠪᠠᠨ ᠮᠢᠷᠠᠯᠵᠠᠬᠤ        ᠬᠤᠨᠭ᠍ᠭᠤᠷ ᠴᠡᠴᠡᠭᠡᠰ ᠤᠨ ᠭᠤᠶᠤᠬᠠᠨ        ᠡᠭᠡᠰᠢᠭᠯᠡᠵᠤ ᠤᠶᠠᠩᠭᠠᠯᠠᠬᠤ        ᠬᠡᠯᠡ ᠪᠦᠬᠦᠨ ᠤ ᠢᠷᠠᠭᠤᠬᠠᠨ        ᠡᠩ ᠦᠭᠡᠢ ᠶᠡᠭᠡ ᠤᠷᠴᠢᠯᠡᠩ ᠤᠨ        ᠡᠴᠢᠨ᠎ᠡ ᠬᠦᠨ ᠴᠡᠩᠭᠡᠷᠭᠡᠨ        ᠡᠪᠡᠶᠢᠭᠡᠨ ᠮᠢᠨᠤ        ᠬᠠᠶᠢᠷ᠎ᠠ ᠶᠢᠨ ᠨᠢᠭᠡᠨ ᠰᠢᠳᠤᠭᠡᠨ        ᠡᠷᠬᠢᠬᠦ ᠪᠦᠮᠪᠦᠷᠴᠡᠭ ᠤᠨ        ᠤᠶᠠᠩᠭ᠎ᠠ ᠰᠠᠶᠢᠬᠠᠨ  ᠲᠠᠭᠤᠤ        ᠢᠷᠠᠭᠤ ᠨᠠᠶᠢᠷᠠᠭ ᠮᠢᠨᠢ        ᠶᠠᠩᠵᠢᠨᠯᠾᠡᠮᠤ ᠪᠤᠷᠬᠠᠨ ᠤ ᠢᠪᠡᠭᠡᠯ ᠮᠢᠨᠢ        ᠮᠦᠷᠦᠭᠡᠳᠡᠯ ᠤᠨ ᠨᠢᠯᠪᠤᠰᠣᠨ ᠤ ᠮᠡᠯᠮᠡᠷᠡᠭᠡᠨ ᠳᠤ        ᠵᠢᠷᠤᠭᠡᠨ ᠤ ᠪᠤᠶᠢᠯᠠᠭ᠎ᠠ ᠲᠠᠢ ᠡᠭᠡᠰᠢᠭᠭᠡᠨ        ᠮᠦᠡᠭᠭᠦᠨ ᠰᠢᠭᠦᠳᠡᠷᠢ ᠶᠢᠨ ᠴᠡᠮᠴᠡᠭᠡᠨᠡᠭᠡ ᠳᠤ        ᠤᠤᠬᠠᠢ ᠰᠡᠳᠬᠢᠯ ᠤᠨ ᠤᠷᠠᠶᠢᠬᠠᠨ        ᠲᠡᠭᠷᠢᠯᠢᠭ ᠲᠡᠣᠬᠡ ᠶᠢᠨ ᠲᠡᠮᠳᠡᠭᠯᠡᠯ ᠳᠠᠬᠢ        ᠦᠴᠢᠯ ᠬᠠᠶᠢᠯᠤᠭᠰᠠᠨ ᠲᠠᠰᠣᠷᠬᠠᠢ        ᠲᠡᠪᠴᠢᠶᠡᠷᠢ ᠲᠠᠰᠪᠤᠷᠢ ᠲᠠᠢ ᠠᠷᠠᠨᠰᠢᠨ ᠤ        ᠵᠤᠷᠢᠭ ᠱᠠᠩᠨᠠᠭᠰᠠᠨ ᠬᠤᠷᠤᠢ        ᠬᠠᠨᠳᠠᠭᠠᠢ ᠪᠤᠭᠤ ᠶᠢᠨ ᠤᠷᠤᠮᠳᠤᠯ ᠳᠤ        ᠨᠠᠮᠤᠷ ᠢ ᠤᠷᠢᠭᠰᠠᠨ ᠢᠷᠠᠭᠤ        ᠬᠠᠨᠭ᠍ᠭᠠᠢ ᠶᠢᠨ ᠠᠭᠤᠳᠠᠮ ᠴᠢᠯᠤᠭᠡᠨ ᠳᠤ        ᠵᠡᠷᠭᠡᠯᠭᠡᠨ ᠲᠦᠭᠦᠷᠭᠡᠭᠰᠡᠨ ᠨᠠᠮᠢᠷᠠᠭᠠᠨ        ᠴᠡᠴᠡᠭᠭᠡᠨ ᠴᠠᠰᠣᠨ ᠤ ᠪᠦᠵᠢᠭ ᠲᠤ        ᠤᠷᠢᠨ ᠰᠢᠩᠭᠡᠭᠡᠭᠰᠡᠨ ᠤᠶᠠᠬᠠᠨ        ᠴᠡᠮᠴᠡᠭᠡᠷᠭᠡᠨ ᠨᠤᠳᠤᠭ ᠤᠨ ᠮᠢᠨᠢ ᠦᠷᠤᠴᠡᠨ ᠳᠤ        ᠡᠰᠡᠨᠢᠯ ᠬᠤᠷᠤᠶᠢᠯᠠᠭᠰᠠᠨ ᠲᠠᠷᠬᠠᠨ        ᠢᠷᠠᠭᠤ ᠨᠠᠶᠢᠷᠠᠭ ᠮᠢᠨᠢ        ᠶᠠᠩᠵᠢᠨᠯᠾᠡᠮᠤ ᠪᠤᠷᠬᠠᠨ ᠤ ᠢᠪᠡᠭᠡᠯ ᠮᠢᠨᠢ        ᠬᠠᠶᠢᠷ᠎ᠠ ᠶᠢᠨ ᠮᠢᠩᠭᠠᠨ ᠦᠭᠡᠰ ᠢᠶᠠᠷ        ᠠᠮᠢᠳᠣᠷᠠᠯ ᠴᠢᠮᠡᠳᠡᠭ ᠠᠶᠠᠯᠭᠤ ᠪᠢᠯᠡ        ᠬᠠᠶᠢᠯᠭᠠᠨ ᠰᠡᠳᠬᠢᠯ ᠤᠨ ᠦᠭᠬᠢᠶᠡᠮᠦᠷ ᠲᠤ        ᠬᠡᠰᠢᠭ ᠲᠡᠯᠭᠡᠷᠡᠳᠡᠭ ᠨᠤᠲ ᠪᠢᠯᠡ        ᠶᠠᠰᠣᠨ ᠠᠴᠠ ᠪᠠᠨ ᠬᠠᠳᠠᠭᠤ ᠶᠠᠪᠤᠬᠤ ᠳᠤ        ᠢᠳᠡᠭᠡᠯ ᠤᠨ ᠮᠢᠨᠢ ᠢᠷᠠᠭᠤ ᠲᠦᠰᠢᠭ ᠪᠢᠯᠡ        ᠶᠣᠰᠣᠨ ᠠᠴᠠ ᠴᠢᠩᠭ᠎ᠠ ᠶᠠᠪᠤᠬᠤ ᠳᠤ        ᠰᠡᠳᠬᠢᠯ ᠤᠨ ᠮᠢᠨᠢ ᠬᠦᠨᠵᠡᠭᠡᠢ ᠴᠡᠨᠡᠭ ᠪᠢᠯᠡ        ᠢᠷᠠᠭᠤ ᠨᠠᠶᠢᠷᠠᠭ ᠮᠢᠨᠢ        ᠶᠠᠩᠵᠢᠨᠯᠾᠡᠮᠤ ᠪᠤᠷᠬᠠᠨ ᠤ ᠢᠪᠡᠭᠡᠯ ᠮᠢᠨᠢ        ᠡᠭᠡᠰᠢᠭ ᠲᠠᠭᠤᠤ ᠮᠢᠨᠢ        ᠴᠢᠮ᠎ᠠ ᠦᠭᠡᠢ   ᠪᠠᠷ ᠶᠠᠭᠠᠬᠢᠵᠤ ᠤᠶᠠᠩᠭᠠᠷᠠᠨᠠᠮ        ᠡᠷᠬᠡ  ᠲᠠᠩᠰᠤᠭ ᠠᠮᠢᠳᠤᠷᠠᠯ ᠮᠢᠨᠢ        ᠴᠢᠮ᠎ᠠ ᠦᠭᠡᠢ   ᠪᠠᠷ ᠶᠠᠭᠠᠬᠢᠵᠤ ᠪᠠᠳᠤᠵᠢᠨᠠᠮ        ᠡᠷᠡᠬᠡᠢ ᠮᠡᠷᠭᠡᠨ ᠬᠤᠶᠢᠴᠢᠰ ᠮᠢᠨᠢ        ᠴᠢᠮ᠎ᠠ ᠦᠭᠡᠢ   ᠪᠠᠷ ᠶᠠᠭᠠᠬᠢᠵᠤ ᠬᠦᠭᠵᠢᠨᠡᠮ        ᠡᠨᠡᠭᠡᠨ ᠪᠡᠶ᠎ᠡ ᠮᠢᠨᠢ        ᠴᠢᠮ᠎ᠠ ᠦᠭᠡᠢ   ᠪᠠᠷ ᠶᠠᠭᠠᠬᠢᠵᠤ ᠬᠦᠯᠵᠢᠨᠠᠮ        ᠨᠠᠶᠢᠷᠠᠭ ᠰᠢᠯᠦᠭ ᠢᠶᠠᠨ ᠪᠢ        ᠡᠬᠡ ᠬᠡᠯᠡ ᠪᠠᠷ ᠢᠶᠠᠨ ᠤᠶᠠᠩᠭᠠᠯᠠᠵᠤ        ᠨᠠᠨᠳᠢᠨ ᠡᠨᠡ ᠬᠤᠷᠸ᠎ᠠ ᠶᠢᠨ        ᠡᠩᠭᠡ ᠮᠦᠡᠭᠭᠡ ᠶᠢ ᠬᠤᠷᠤᠶᠢᠯᠠᠶ᠎ᠠ        ᠢᠷᠠᠭᠤ ᠢᠷᠠᠭᠤᠬᠠᠨ ᠪᠦᠬᠦᠨ ᠳᠤ ᠪᠢ        ᠡᠬᠡ ᠬᠡᠯᠡ ᠪᠠᠷ ᠢᠶᠠᠨ ᠢᠭᠳᠦᠯᠵᠦ        ᠢᠯᠠᠭᠤᠬᠠᠨ ᠵᠢᠷᠤᠭᠡᠨ ᠤ ᠲᠤᠯᠳᠣ ᠳᠤ ᠪᠠᠨ        ᠡᠰᠡᠨᠢᠯ ᠪᠠᠳᠣ ᠶᠢ ᠰᠢᠪᠰᠢᠶ᠎ᠡ        ᠢᠷᠠᠭᠤ ᠨᠠᠶᠢᠷᠠᠭ ᠮᠢᠨᠢ        ᠶᠠᠩᠵᠢᠨᠯᠾᠡᠮᠤ ᠪᠤᠷᠬᠠᠨ ᠤ ᠢᠪᠡᠭᠡᠯ ᠮᠢᠨᠢ︕                     ︽ᠠᠷᠦ ᠬᠤᠷᠴᠢᠨ︾ ᠶᠡᠷᠤᠩᠭᠡᠢ11 ᠳ᠋ᠤᠭᠠᠷ ᠬᠤᠭᠤᠴᠠᠭ᠎ᠠ ᠠᠴᠠ ᠰᠤᠩᠭᠤᠪᠠ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号