ᠸᠧᠢ ᠰᠢᠭᠤᠢ | ᠡᠪᠤᠯ ᠤᠨ ᠮᠤᠳᠤᠨ ᠤ ᠰᠡᠭᠦᠳᠡᠷ ᠢ ᠲᠡᠮᠳᠡᠷᠢᠬᠦ ᠳᠤ | ᠦᠯᠡᠮᠵᠢ ᠶᠢᠨ ᠮᠡᠳᠡᠷᠡᠮᠵᠢ ᠵᠢᠷᠤᠬᠡᠨ ᠳᠤ ᠵᠤᠷᠪᠤᠰᠣᠯᠠᠨᠠ | ᠦᠯᠤ ᠤᠶᠢᠯᠭᠠᠬᠤ ᠨᠢᠭᠡ ᠦᠭᠡ ᠶᠢ ᠵᠠᠭᠤᠵᠤ | ᠦᠷᠴᠢᠬᠢᠷᠵᠤ ᠬᠠᠳᠠᠭᠰᠠᠨ ᠦᠨᠤᠴᠢᠨ ᠨᠠᠪᠴᠢ ᠯᠠ | ᠣᠷᠴᠢᠯᠠᠩ ᠲᠠᠮᠨᠠᠭᠰᠠᠨ ᠰᠢᠪᠠᠭᠤ ᠮᠡᠳᠤ | ᠤᠯᠠᠷᠢᠯ ᠲᠠᠶᠠᠭᠯᠠᠭᠰᠠᠨ ᠮᠦᠴᠢᠷ ᠲᠡᠭᠡᠷ᠎ᠡ | ᠤᠭᠳᠤᠭᠤᠯ ᠭᠠᠯᠠᠪ ᠶᠢᠨ ᠲᠤᠭ ᠰᠢᠭ᠂ ᠬᠠᠷᠠᠭᠤᠯ ᠰᠢᠭ — | ᠪᠦᠯᠢᠶᠠᠨ ᠠᠮᠢᠰᠬᠤᠯ ᠠᠴᠠ ᠨᠢ ᠪᠦᠮᠪᠦᠷᠴᠡᠭ ᠤᠨ ᠨᠢᠭᠤᠴᠠ ᠶᠢ ᠠᠨᠢᠷᠯᠠᠬᠤ ᠳᠤ | ᠣᠨ ᠴᠠᠭ ᠤᠨ ᠵᠢᠷᠤᠬᠠᠢ ᠶᠢᠨ ᠠᠶᠠᠯᠭᠤ ᠤᠳᠤᠳ ᠤᠨ ᠰᠣᠨᠣᠰᠬᠤᠯᠠᠩ ᠢᠶᠠᠷ | ᠬᠦᠭᠵᠢᠮᠯᠡᠬᠦ ᠮᠡᠳᠤ | ᠤᠷᠤᠰᠢᠯ ᠤᠨ ᠠᠯᠳᠠᠨ ᠬᠡᠯᠡ ᠪᠠᠷ ᠵᠢᠷᠬᠢᠭᠰᠡᠭᠡᠷ ᠴᠠᠰᠤ ᠵᠤᠳ᠂ ᠬᠠᠪᠤᠷ ᠤᠨ | ᠦᠡᠭᠭᠡ ᠪᠠᠷ ᠦᠨᠳᠣᠰᠣ ᠵᠦᠭ ᠨᠢ ᠰᠢᠮᠡᠳᠣᠨ | ᠬᠠᠮᠢᠭ᠎ᠠ ᠨᠢᠭᠡᠳᠡᠭᠡ ᠭᠤᠨᠢᠭ᠂ ᠪᠠᠶᠠᠰᠣᠯ ᠢᠶᠠᠷ ᠨᠠᠰᠤ ᠵᠢᠯ ᠢᠶᠠᠨ ᠴᠠᠭᠠᠷᠢᠭᠯᠠᠵᠤ | ᠬᠠᠷᠠᠩᠭᠤᠢ ᠰᠦᠨᠢ ᠶᠢᠨ ᠰᠠᠯᠬᠢᠨ ᠢ ᠬᠠᠭᠠᠯᠠᠵᠤ | ᠰᠡᠭᠰᠡᠷᠡᠭᠰᠡᠭᠡᠷ | ᠬᠠᠶᠠᠭᠠᠨ ᠠᠴᠠ ᠰᠣᠨᠠᠶᠢᠬᠤ ᠲᠤᠷᠤᠨ᠎ᠠ ᠶᠢᠨ ᠲᠤᠶᠠᠭ᠎ᠠ ᠲᠠᠢ | ᠬᠠᠷᠠᠴᠠ ᠪᠠᠷ ᠢᠶᠠᠨ ᠵᠢᠮᠡᠯᠴᠡᠭᠰᠡᠭᠡᠷ ᠦᠨᠳᠡᠯᠵᠡᠳᠡᠭ | ᠬᠠᠭᠠᠨ ᠵᠦᠡᠭ ᠤᠨ ᠮᠤᠳᠤᠨ ᠮᠢᠨᠢ ᠡ | ᠬᠠᠯᠠᠭᠤᠨ ᠠᠮᠢᠨ ᠰᠣᠳᠣᠨ ᠮᠢᠨᠢ ᠡ︕ | | ︽ᠠᠷᠦ ᠬᠤᠷᠴᠢᠨ︾ ᠶᠡᠷᠤᠩᠭᠡᠢ11 ᠳ᠋ᠤᠭᠠᠷ ᠬᠤᠭᠤᠴᠠᠭ᠎ᠠ ᠠᠴᠠ ᠰᠤᠩᠭᠤᠪᠠ |