ᠮᠤᠩᠭᠤᠯ ᠲᠡᠯᠡᠬᠡᠢ
ᠨᠡᠶᠢᠲᠡᠯᠡᠭᠰᠡᠨ ᠴᠠᠭ᠄
2020/12/7
                                  ᠤᠷᠠᠨᠴᠢᠮᠡᠭ        ᠲᠢᠪ ᠲᠡᠯᠡᠬᠡᠢ ᠶᠢᠨ ᠵᠠᠮ ᠢ ᠮᠦᠰᠬᠢᠨ        ᠠᠭᠳᠠ ᠬᠦᠯᠦᠭ ᠢᠶᠠᠷ ᠢᠶᠠᠨ ᠲᠤᠪᠴᠢᠯᠠᠬᠤ ᠳᠤ ᠪᠠᠨ        ᠲᠡᠭᠷᠢ ᠶᠢᠨ ᠵᠠᠷᠯᠢᠭ ᠲᠠᠢ ᠮᠤᠩᠭᠤᠯᠴᠣᠳ        ᠠᠯᠳᠠᠨ ᠲᠡᠯᠡᠬᠡᠢ ᠳᠤ ᠨᠢᠭᠤᠴᠠ ᠶᠢ ᠦᠯᠡᠳᠡᠭᠡᠪᠡ        ᠴᠠᠬᠢᠯᠭᠠᠨ ᠰᠢᠭ ᠬᠢᠯᠪᠠᠭ᠎ᠠ ᠲᠠᠢ        ᠠᠶᠤᠩᠭ᠎ᠠ ᠰᠢᠭ ᠨᠢᠷᠬᠢᠵᠤ ᠶᠠᠪᠤᠭᠰᠠᠨ ᠮᠢᠨᠤ ᠮᠤᠩᠭᠤᠯ        ᠲᠡᠣᠬᠡᠨ ᠳᠤ ᠪᠢᠰᠢ ᠦᠨᠤᠳᠤᠷ ᠲᠤ ᠬᠦᠷᠳᠡᠯ᠎ᠡ        ᠲᠦᠷᠡᠯᠵᠢᠵᠤ ᠢᠷᠡᠭᠰᠡᠨ ᠰᠢᠨᠳᠠᠰᠣ ᠲᠠᠢ ᠮᠢᠨᠤ ᠮᠤᠩᠭᠤᠯ        ᠰᠣᠷᠠᠭ ᠵᠠᠩᠬᠢᠵᠢᠯᠳᠠ ᠶᠢᠨ ᠣᠨ ᠴᠠᠭ ᠤᠳ ᠲᠤ        ᠰᠣᠳᠣᠯᠵᠤ ᠰᠢᠮᠳᠠᠵᠤ ᠶᠠᠪᠤᠭᠰᠠᠨ ᠮᠢᠨᠤ ᠮᠤᠩᠭᠤᠯ        ᠰᠣᠳᠣ ᠢᠷᠠᠭᠤ ᠮᠤᠩᠭᠤᠯ ᠬᠡᠯᠡ ᠰᠣᠹᠲ ‍ᠵᠢᠨᠷ ᠢᠯᠡᠷᠡᠨ        ᠰᠣᠣᠳᠣ ᠮᠤᠩᠭᠤᠯ ᠬᠡᠯᠡ ᠪᠠᠨ ᠲᠡᠯᠡᠬᠡᠢ ᠲᠠᠢ ᠬᠤᠯᠪᠤᠪᠠ        ᠡᠬᠡ ᠬᠡᠯᠡ ᠮᠢᠨᠢ ᠠᠮᠢ ᠭᠤᠤᠯ        ᠡᠬᠡ ᠨᠤᠳᠤᠭ ᠮᠢᠨᠢ ᠤᠷᠤᠰᠢᠨ ᠲᠤᠭᠳᠠᠨᠢᠯ        ᠲᠡᠭᠷᠢᠯᠢᠭ ᠵᠠᠶᠠᠭ᠎ᠠ ᠲᠠᠢ ᠮᠤᠩᠭᠤᠯ ᠤᠭᠰᠠᠭ᠎ᠠ        ᠲᠡᠯᠡᠬᠡᠢ ᠳᠤ ᠮᠤᠩᠭᠤᠯ ᠢᠶᠠᠷ ᠢᠶᠠᠨ ᠪᠢᠴᠢᠭᠯᠡᠨᠡᠮ        ᠡᠷᠢᠨ ᠵᠠᠭᠤᠨ ᠤ ᠬᠤᠪᠢᠷᠠᠯ ᠳᠤ        ᠡᠬᠡ ᠬᠡᠯᠡ ᠮᠢᠨᠢ ᠮᠦᠡᠭᠭᠡ ᠪᠤᠰᠤᠭ᠎ᠠ        ᠡᠰᠨᠢᠯ ᠬᠦᠭᠵᠢᠯ ᠤᠨ ᠵᠠᠮ ᠳᠤ        ᠡᠷᠳᠡᠮ ᠢᠶᠠᠨ ᠡᠷᠭᠦᠭᠰᠡᠳ ᠪᠢᠰᠢᠷᠡᠯ ᠲᠠᠢ        ᠮᠡᠳᠡᠯᠭᠡ ᠶᠢᠨ ᠲᠡᠯᠡᠬᠡᠶᠢᠴᠢᠯᠡᠯᠳᠡ ᠶᠢᠨ ᠡᠷᠡᠨ ᠳᠤ        ᠮᠦᠡᠭᠭᠡ ᠬᠡᠯᠡ ᠮᠢᠨᠢ ᠵᠤᠭᠰᠤᠭ᠎ᠠ ᠪᠠᠷ ᠢᠶᠠᠨ        ᠲᠡᠭᠡᠷ᠎ᠡ ᠨᠢ  ︽ᠲᠡᠯᠡᠬᠡᠢ︾ ᠰᠠᠶᠢᠬᠠᠨ ᠲᠠᠭᠤᠳᠠᠯᠭ᠎ᠠ ᠲᠠᠢ        ᠲᠡᠷᠭᠡᠳᠡ ᠨᠢ ︽ᠪᠠᠶᠢᠨᠠᠣ︾  ᠰᠠᠶᠢᠨ ᠤ ᠮᠡᠨᠳᠣ ᠲᠠᠢ        ᠤᠷᠠᠨ ᠲᠠᠲᠠᠯᠭᠠᠨ ᠲᠠᠢ ︽ᠰᠡᠴᠡᠨ ᠪᠢᠷ︾        ᠤᠯᠠᠨ ᠤᠯᠤᠰ ᠤᠨ ᠪᠠᠷᠢᠮᠵᠢᠶᠠᠳᠣ ᠮᠤᠩᠭᠤᠯ ᠺᠤᠸ᠋        ᠲᠦᠮᠡᠨ ᠤᠯᠠᠨ ᠤ ᠰᠡᠳᠬᠢᠯ ᠤᠨ ︽ᠴᠣᠣᠷᠠᠢ︾        ᠲᠦᠷᠤᠯᠬᠢ ᠬᠡᠯᠡᠨ ᠤ ︽ᠪᠤᠮᠠᠨ  ᠲᠤᠯᠢ︾               —ᠲᠡᠷᠡ ᠪᠦᠬᠦᠨ ᠢᠶᠠᠷ ᠢᠶᠠᠨ ᠮᠤᠩᠭᠤᠯ ᠲᠡᠯᠡᠬᠡᠢ        ᠮᠤᠩᠭᠤᠯ ᠤᠨ ᠰᠠᠶᠢᠬᠠᠨ ᠨᠤᠳᠤᠭ ᠲᠤ        ᠵᠢᠯ ᠵᠢᠯ ᠦᠡᠭᠭᠡᠰᠢᠭ ᠲᠠᠶᠢᠪᠤᠡᠭ ᠪᠤᠯᠳᠤᠭᠠᠢ︕        ᠮᠤᠩᠭᠤᠯ ᠤᠨ ᠰᠠᠶᠢᠨ ᠦᠷᠡᠰ ᠨᠢ        ᠴᠠᠭ ᠴᠠᠭ ᠦᠭᠡᠳᠡ ᠬᠡᠶᠢᠮᠤᠷᠢ ᠲᠠᠢ ᠪᠠᠶᠢᠭᠠᠰᠠᠢ︕               —ᠡᠨᠡ ᠪᠦᠬᠦᠨ ᠢᠶᠠᠷ ᠢᠶᠠᠨ ᠮᠤᠩᠭᠤᠯ ᠲᠡᠯᠡᠬᠡᠢ               ︽ᠠᠷᠦ ᠬᠤᠷᠴᠢᠨ︾ ᠶᠡᠷᠤᠩᠭᠡᠢ11 ᠳ᠋ᠤᠭᠠᠷ ᠬᠤᠭᠤᠴᠠᠭ᠎ᠠ ᠠᠴᠠ ᠰᠤᠩᠭᠤᠪᠠ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号