ᠨᠠ᠊ · ᠵᠢᠷᠭᠠᠯ | | ᠬᠠᠪᠤᠷ ᠤᠨ ᠤᠷᠢᠨ ᠰᠠᠭᠠᠳᠠᠬᠤ ᠳᠤ | ᠬᠠᠭᠳᠠ ᠶᠢᠨ ᠨᠤᠭᠤᠭ᠎ᠠ ᠴᠤᠬᠤᠶᠢᠨᠠ | ᠬᠠᠭᠳᠠ ᠶᠢᠨ ᠴᠠᠭᠠᠨ᠎ᠠ ᠬᠦᠷᠦᠰᠦᠨ ᠠᠴᠠ | ᠬᠠᠭᠠᠰ ᠪᠤᠳᠠ ᠴᠠᠬᠢᠯᠳᠠᠭ ᠳᠡᠯᠭᠡᠷᠡᠨ᠎ᠡ | | ᠬᠦᠢᠲᠡᠨ ᠵᠤᠳ ᠢ ᠲᠤᠭᠤᠯᠤᠭᠰᠠᠨ | ᠬᠦᠴᠢᠷ ᠪᠡᠷᠬᠡ ᠶᠢ ᠲᠤᠭᠠᠴᠢᠨ᠎ᠠ | ᠬᠦᠷᠦᠰᠦ ᠪᠠᠨ ᠲᠡᠪᠡᠷᠢᠨ ᠠᠮᠢᠯᠠᠭᠰᠠᠨ | ᠬᠦᠬᠡᠷᠦᠬᠦᠢ ᠠᠮᠢᠵᠢᠷᠠᠯ ᠢᠶᠠᠨ ᠭᠠᠶᠢᠬᠠᠭᠤᠯᠤᠨ᠎ᠠ | | ᠲᠠᠴᠢᠷ ᠨᠢᠮᠬᠡᠨ ᠬᠦᠷᠦᠰᠦᠨ ᠳᠤ | ᠲᠡᠯᠴᠢᠯᠡᠨ ᠲᠡᠮᠡᠴᠡᠭᠡᠳ ᠬᠦᠬᠡᠷᠡᠨ᠎ᠡ | ᠳᠡᠯᠭᠡᠷ ᠴᠠᠭ ᠤᠨ ᠢᠪᠡᠭᠡᠯ ᠳᠤ | ᠳᠡᠯᠡᠬᠡᠢ ᠡᠵᠢ ᠪᠠᠨ ᠦᠨᠦᠰᠦᠨ᠎ᠡ | | ᠬᠠᠷ᠎ᠠ ᠴᠠᠭᠠᠨ ᠰᠢᠭᠤᠷᠭᠠᠨ ᠳᠤ | ᠬᠠᠮᠤᠭ ᠬᠦᠴᠦ ᠪᠠᠨ ᠰᠢᠪᠬᠠᠨ᠎ᠠ | ᠬᠠᠮᠤᠭ ᠤᠷᠭᠤᠮᠠᠯ ᠲᠠᠢ ᠴᠤᠭᠭᠠᠷ | ᠬᠠᠯᠠᠭᠤᠨ ᠠᠮᠢᠰᠬᠤᠯ ᠬᠦᠷᠲᠡᠨ᠎ᠡ | | ᠦᠨᠦᠴᠢᠷᠡᠨ ᠬᠤᠴᠤᠷᠠᠭᠰᠠᠨ ᠴᠠᠬᠢᠯᠳᠠᠭ | ᠦᠷᠡᠯᠡᠬᠦ ᠤᠯᠠᠷᠢᠯ ᠢ ᠪᠡᠯᠭᠡᠳᠡᠨ᠎ᠡ | ᠤᠷᠤᠨ ᠵᠠᠢ ᠪᠠᠨ ᠬᠢᠮᠠᠭᠠᠳᠠᠨ ᠰᠠᠬᠢᠭᠠᠳ | ᠤᠨ ᠵᠢᠯ ᠤᠨ ᠲᠡᠤᠬᠡ ᠶᠢ ᠬᠦᠤᠷᠨᠢᠨ᠎ᠡ | | |