ᠪᠠᠶᠠᠭᠤᠳ ᠠᠯᠳᠠᠨᠴᠡᠴᠡᠭ | ᠦᠷᠯᠤᠭᠡ ᠪᠤᠯᠭᠠᠨ ᠨᠠᠮ᠎ᠠ ᠶᠢ ᠲᠠᠭᠤᠳᠠᠨ ᠰᠠᠷᠡᠭᠡᠳᠡᠭ | ᠤᠷᠭᠤᠬᠤ ᠨᠠᠷᠠᠨ ᠤ ᠰᠣᠷᠠᠭ ᠲᠤ ᠪᠢ ᠬᠠᠶᠢᠷᠠᠳᠠᠢ | ᠦᠳᠡᠰᠢ ᠪᠦᠷᠢ ᠨᠠᠮ᠎ᠠ ᠶᠢ ᠨᠠᠮᠤᠭᠤᠬᠠᠨ ᠪᠦᠪᠠᠶᠢᠯᠠᠳᠡᠭ | ᠲᠤᠩᠭᠠᠯᠠᠭ ᠰᠠᠷᠠᠨ ᠤ ᠭᠡᠭᠡ ᠳᠤ ᠪᠢ ᠬᠠᠶᠢᠷᠠᠳᠠᠢ | ᠡᠪᠡᠳᠤᠭ᠍ᠰᠡᠨ ᠪᠤᠷᠤ ᠵᠢᠷᠤᠭᠡ ᠶᠢ ᠮᠢᠨᠢ ᠢᠯᠪᠢᠵᠤ | ᠵᠢᠷᠭᠠᠭᠠᠵᠤ ᠠᠮᠵᠢᠳᠠᠭ ᠤᠷᠴᠢᠯᠠᠩ ᠳᠤ ᠪᠢ ᠬᠠᠶᠢᠷᠠᠳᠠᠢ | ᠦᠡᠭᠭᠡ ᠲᠠᠢ ᠪᠦᠬᠦᠨ ᠢ ᠲᠦᠭᠦᠷᠡᠩ ᠬᠠᠷᠠᠭᠤᠯᠵᠤ | ᠢᠳᠡᠭᠡᠨ ᠱᠠᠭᠰᠢᠷᠠᠭᠤᠯᠳᠠᠭ ᠬᠤᠷᠸ᠎ᠠ ᠳᠤ ᠪᠢ ᠬᠠᠶᠢᠷᠠᠳᠠᠢ | ᠡᠨᠡᠯᠦᠭᠰᠡᠨ ᠰᠢᠷᠬ᠎ᠠ ᠲᠠᠢ ᠰᠡᠳᠬᠢᠯ ᠢ ᠮᠢᠨᠢ ᠠᠷᠭᠠᠳᠠᠵᠤ | ᠡᠷᠴᠢ ᠬᠠᠶᠢᠷᠠᠯᠠᠳᠠᠭ ᠪᠦᠮᠪᠦᠷᠴᠡᠭ ᠲᠤ ᠪᠢ ᠬᠠᠶᠢᠷᠠᠳᠠᠢ | ᠦᠭᠡᠳᠡ ᠪᠠᠨ ᠵᠠᠶᠠᠭ᠎ᠠ ᠲᠠᠢ ᠦᠷ᠎ᠡ ᠪᠠᠷ ᠮᠢᠨᠢ ᠬᠦᠳᠣᠯᠤᠬᠦᠯᠵᠤ | ᠨᠠᠮ᠎ᠠ ᠶᠢ ᠳᠤᠭᠳᠤᠯᠤᠭᠤᠯᠳᠠᠭ ᠠᠮᠢᠳᠣᠷᠠᠯ ᠳᠤ ᠪᠢ ᠬᠠᠶᠢᠷᠠᠳᠠᠢ | ︽ᠠᠷᠦ ᠬᠤᠷᠴᠢᠨ︾ ᠶᠡᠷᠤᠩᠭᠡᠢ11 ᠳ᠋ᠤᠭᠠᠷ ᠬᠤᠭᠤᠴᠠᠭ᠎ᠠ ᠠᠴᠠ ᠰᠤᠩᠭᠤᠪᠠ | |