ᠬᠠᠭᠤᠳᠠᠰᠤ ᠡᠪᠬᠡᠬᠦ ᠪᠤᠶᠤ ᠬᠠᠭᠤᠳᠠᠰᠤ ᠦᠷᠬᠦᠯᠵᠢᠯᠡᠬᠦᠯᠬᠦ ᠦᠭᠡ | — ᠰᠤᠨᠢᠨ ᠬᠡᠪᠯᠡᠯ ᠢᠨᠦ ᠰᠢᠨ᠎ᠡ ᠵᠠᠭᠤᠴᠢᠯᠠᠭᠤᠷ ᠯᠤᠭ᠎ᠠ ᠵᠤᠯᠭᠠᠯᠴᠠᠬᠤᠢ | | | ᠤᠨ ᠴᠠᠭ ᠤᠨ ᠤᠷᠤᠰᠬᠠᠯ ᠢ ᠲᠠᠭᠠᠵᠤ ᠤᠯᠠᠨ ᠤᠯᠠᠨ ᠮᠡᠳᠡᠭᠡ ᠰᠡᠯᠳᠡ ᠶᠢ ᠠᠴᠢᠶᠠᠯᠠᠵᠤ ︽ᠠᠷᠦ ᠬᠤᠷᠴᠢᠨ | ᠰᠤᠨᠢᠨ︾ ᠮᠠᠨᠢ ᠡᠳᠦᠭᠡ ᠳᠤ ᠬᠦᠷᠴᠦ ᠢᠷᠡᠯᠦᠭᠡ᠃ ᠤᠷᠤᠬᠰᠢ ᠬᠠᠷᠠᠵᠤ ᠰᠤᠨᠢᠨ ᠤ ᠪᠠᠨ ᠤᠯᠪᠠᠭ᠎ᠠ ᠶᠢ ᠮᠦᠷᠳᠡᠬᠦ | ᠪᠠᠷ 1992 ᠳᠤ ᠲᠠᠬᠢᠨ ᠬᠡᠪᠯᠡᠯ ᠰᠡᠷᠭᠦᠭᠡᠭᠳᠡᠭᠰᠡᠨ ︽ᠠᠷᠦ ᠬᠤᠷᠴᠢᠨ ᠰᠤᠨᠢᠨ︾ ᠤ ᠤᠨ ᠪᠤᠯᠭᠠᠨ ᠤ ᠡᠪᠬᠡᠮᠡᠯ ᠲᠠ | ᠤᠯᠠᠨ ᠤ ᠭᠠᠷ ᠲᠤ ᠪᠠᠷᠢᠬᠳᠠᠵᠤ ᠨᠢᠳᠦᠨ ᠳᠤ ᠬᠠᠷᠠᠭᠳᠠᠨ᠎ᠠ᠃ ︽ᠴᠠᠰᠤᠨ ᠲᠡᠭᠡᠷ᠎ᠡ ᠮᠦᠷ ᠲᠠᠢ᠂ ᠴᠠᠭᠠᠰᠤᠨ ᠲᠡᠭᠡᠷ᠎ᠡ | ᠨᠡᠷ᠎ᠡ ᠲᠠᠢ︾ ᠶᠢᠨ ᠪᠡᠶᠡᠯᠡᠯ ᠡᠨᠡ ᠭᠡᠵᠦ ᠴᠠᠭᠠᠰᠤᠨ ᠬᠡᠪᠯᠡᠯ ᠤᠨ ᠮᠦᠷ ᠪᠠᠳᠠᠭ ᠤᠳ ᠬᠡᠯᠡᠵᠦ ᠪᠠᠶᠢᠨ᠎ᠠ᠃ ᠤᠳᠴᠤ | ᠦᠩᠭᠡᠷᠡᠭᠰᠡᠨ ᠦᠢᠯᠡ ᠬᠡᠷᠡᠭ ᠤᠨ ᠲᠡᠮᠳᠡᠭᠯᠡᠬᠡᠰᠦ ᠪᠤᠯᠵᠤ ᠤᠷᠤᠰᠬᠠᠯ ᠤᠰᠤᠨ ᠤ ᠮᠡᠳᠦ ᠬᠠᠭᠤᠳᠠᠰᠤ ᠬᠠᠭᠤᠳᠠᠰᠤ | ᠪᠠᠷ ᠠᠷᠯᠠᠨ ᠦᠯᠡᠳᠡᠵᠡᠢ᠃ | ︽ᠬᠦᠭᠵᠢᠯᠳᠡ ᠪᠤᠯ ᠬᠠᠲᠠᠭᠤ ᠶᠤᠰᠤ︾᠃ ᠰᠤᠨᠢᠨ ᠬᠡᠪᠯᠡᠯ ᠮᠠᠨᠢ ᠤᠳᠤ ︽ᠬᠠᠭᠤᠴᠢᠨ ᠶᠠᠭᠤᠮ᠎ᠠ ᠤᠯᠠ | ᠪᠤᠯᠵᠤ ᠰᠢᠨ᠎ᠡ ᠶᠠᠭᠤᠮ᠎ᠠ ᠵᠤᠯᠠ ᠪᠤᠯᠳᠠᠭ︾ ᠤᠨ ᠶᠤᠰᠤᠭᠠᠷ ᠴᠠᠭ ᠡᠷᠡᠨ ᠲᠠᠢ ᠠᠯᠬᠤᠭ᠎ᠠ ᠨᠢᠭᠡᠳᠦᠨ᠂ ᠰᠢᠨ᠎ᠡ | ᠵᠠᠭᠤᠴᠢᠯᠠᠭᠤᠷ ᠲᠤ ᠠᠭᠤᠰᠤᠯᠴᠠᠨ ᠵᠤᠯᠭᠠᠯᠴᠠᠬᠤᠢ ᠶᠢᠨ ᠭᠤᠬᠴᠤᠭ᠎ᠠ ᠲᠡᠭᠡᠷ᠎ᠡ ᠬᠦᠷᠴᠦ ᠢᠷᠡᠭᠡᠳ ᠦᠭᠡᠷ᠎ᠡ ᠨᠢᠬᠡ | ᠬᠡᠯᠪᠡᠷᠢ ᠪᠠᠷ ᠤᠩᠰᠢᠬᠴᠢ ᠤᠯᠠᠨ ᠲᠠᠢ ᠵᠤᠯᠭᠠᠬᠤ ᠪᠤᠯᠤᠯ᠎ᠠ᠃ | 1992 ᠤᠨ ᠤ 7 ᠰᠠᠷ᠎ᠠ ᠶᠢᠨ 1 ᠳᠤ ᠪᠤᠯᠤᠬᠰᠠᠨ ︽ᠠᠷᠦ ᠬᠤᠷᠴᠢᠨ ᠰᠤᠨᠢᠨ︾ ᠬᠡᠪᠯᠡᠯ | ᠰᠡᠷᠭᠦᠭᠡᠭᠳᠡᠭᠰᠡᠨ ᠶᠤᠰᠤᠯᠠᠯ ᠳᠤ ᠠᠷᠪᠠᠭᠠᠳ ᠡᠳᠦᠷ ᠤᠨ ᠡᠮᠦᠨᠡᠬᠡᠨ ᠠᠵᠢᠯ ᠰᠢᠯᠵᠢᠵᠦ ᠢᠷᠡᠭᠰᠡᠨ ᠪᠢ ᠶᠠᠭ ᠵᠠᠪᠳᠤᠨ | ᠪᠠᠶᠢᠯᠴᠠᠬᠰᠠᠨ ᠶᠤᠮ᠃ ᠰᠤᠷᠤᠭᠰᠠᠨ ᠭᠠᠭᠴᠠ ᠮᠡᠷᠭᠡᠵᠢᠯ ᠬᠡᠪᠡᠯ ︽ᠰᠤᠨᠢᠨ ᠮᠡᠳᠡᠭᠡ ᠰᠤᠷᠪᠤᠯᠵᠢᠯᠠᠭ᠎ᠠ ᠨᠠᠶᠢᠷᠠᠭᠤᠯᠭ᠎ᠠ︾ | ᠪᠤᠯᠤᠭᠠᠳ ᠲᠡᠷᠡ ᠬᠡᠬᠦ ᠤᠤ ᠳ᠋ᠧ᠂ ᠦᠭᠡᠷ᠎ᠡ ᠶᠠᠭᠤᠮ᠎ᠠ ᠴᠢᠳᠠᠬᠤ ᠦᠬᠡᠢ ᠬᠡᠬᠦ ᠤᠤ ᠳ᠋ᠧ᠂ ᠨᠢᠬᠡ ᠮᠡᠳᠡᠬᠦ ᠳᠤ | ᠨᠢᠭᠡᠨᠳᠡ ᠨᠢᠭᠡᠨ ᠵᠢᠷᠠᠨ ᠤ ᠬᠠᠭᠠᠰ ᠢ ︽ᠠᠷᠦ ᠬᠤᠷᠴᠢᠨ ᠰᠤᠨᠢᠨ︾ ᠲᠠᠢ ᠪᠠᠨ ᠬᠠᠮᠳᠤ ᠲᠤᠭᠤᠯᠬᠤ | ᠤᠶᠢᠷᠠᠳᠤᠴᠢᠬᠠᠬᠰᠠᠨ ᠪᠠᠶᠢᠨ᠎ᠠ᠃ 30 ᠰᠢᠬᠠᠮ ᠵᠢᠯ ᠨᠢ ᠤᠬᠤᠷᠬᠠᠨ ᠤᠨ ᠰᠠᠷ᠎ᠠ ᠪᠢᠰᠢ᠃ ᠬᠠᠭᠤᠳᠠᠰᠤ ᠴᠠᠭᠠᠰᠤᠨ᠎ᠠ | ᠬᠤᠷᠭᠤᠯᠵᠢᠨ ᠦᠰᠦᠭ ᠲᠠᠢ ᠨᠦᠬᠦᠷᠯᠡᠵᠦ ᠬᠤᠷᠢᠨ ᠨᠠᠢᠮᠠᠨ ᠵᠢᠯ ᠤᠨ ᠨᠢᠭᠤᠷ ᠦᠵᠡᠭᠰᠡᠨ ᠨᠠᠶᠢᠷᠠᠭᠤᠯᠤᠬᠴᠢ | ᠪᠤᠯᠤᠬᠰᠠᠨ ᠤ ᠬᠤᠪᠢ ᠠᠴᠠ ᠬᠠᠭᠤᠴᠢᠨ ᠤᠨ ᠤ ᠬᠠᠭᠤᠳᠠᠰᠤ ᠪᠢᠳᠡᠬᠦᠯᠡᠬᠦ ᠪᠠ ᠰᠢᠨ᠎ᠡ ᠤᠨ ᠤ ᠬᠠᠭᠤᠳᠠᠰᠤ ᠨᠡᠭᠡᠭᠡᠬᠦ | ᠲᠠᠰᠢᠷᠠᠮ ᠳᠤ ᠬᠡᠳᠦᠨ ᠦᠬᠡ ᠬᠡᠯᠡᠬᠦ ᠦᠬᠡᠢ ᠪᠠᠶᠢᠵᠤ ᠦᠯᠦ ᠪᠤᠯᠤᠨ᠎ᠠ᠃ | ᠰᠤᠨᠢᠨ ᠭᠡᠬᠦ ᠪᠠᠷ ᠴᠠᠭᠠᠰᠤ ᠱᠠᠭᠠᠷᠳᠠᠭᠳᠠᠨ᠎ᠠ᠃ ᠴᠠᠭᠠᠰᠤ ᠠᠴᠠ ᠮᠦᠨ ᠪᠢᠷ ᠪᠡᠬᠡᠰ ᠴᠤ ᠰᠠᠯᠤᠰᠢ ᠦᠭᠡᠢ᠃ | ᠬᠡᠰᠡᠭ ᠴᠠᠭᠠᠰᠤᠨ ᠲᠡᠭᠡᠷᠡᠬᠢ ᠦᠭᠡ ᠦᠰᠦᠭ ᠦᠯᠡᠳᠡᠵᠦ ᠬᠤᠴᠤᠷᠬᠤ ᠳᠠᠭᠠᠨ ᠬᠡᠮᠵᠢᠶᠡᠯᠡᠰᠢ ᠦᠭᠡᠢ ᠦᠨ᠎ᠡ ᠦᠷᠳᠡᠭ | ᠲᠦᠷᠦᠨ᠎ᠡ᠃ ᠬᠡᠵᠢᠶ᠎ᠡ ᠶᠡᠵᠢᠶᠡᠨ ᠠᠴᠠ ᠬᠦᠮᠦᠨ ᠲᠦᠷᠦᠯᠬᠢᠳᠡᠨ ᠬᠦᠰᠢᠭᠡ ᠴᠢᠯᠠᠭᠤᠨ ᠲᠡᠭᠡᠷᠡᠬᠢ ᠦᠰᠦᠭ ᠤᠨ | ᠤᠷᠤᠮ᠂ ᠲᠦᠷᠰᠦᠳᠦ ᠦᠰᠦᠭ ᠠᠴᠠ ᠡᠬᠢᠯᠡᠭᠦᠯᠦᠭᠡᠳ ᠦᠰᠦᠭ ᠪᠢᠴᠢᠭ ᠤᠨ ᠢᠯᠡᠷᠡᠭᠦᠯᠦᠯ ᠠᠴᠠ ᠶᠡᠭᠡ ᠮᠦᠷ | ᠰᠤᠷᠠᠭ ᠮᠡᠳᠡᠵᠦ ᠰᠤᠳᠤᠯᠵᠤ ᠢᠷᠡᠭᠰᠡᠨ ᠶᠤᠮ᠃ | ︽ᠠᠷᠦ ᠬᠤᠷᠴᠢᠨ ᠰᠤᠨᠢᠨ︾ ᠨᠢ ᠬᠤᠰᠢᠭᠤᠨ ᠱᠠᠳᠤᠨ ᠤ ᠰᠤᠨᠢᠨ ᠪᠤᠯᠤᠬᠰᠠᠨ ᠤ ᠬᠤᠪᠢ ᠳᠤ ᠡᠬᠢᠯᠡᠮᠡᠭᠴᠡ | 8 ᠵᠦᠰᠦᠮ ᠤᠨ ᠲᠦᠷᠪᠡᠨ ᠨᠢᠭᠤᠷ ᠢᠶᠠᠷ ᠬᠡᠪᠯᠡᠭᠳᠡᠭᠰᠡᠨ ᠢᠶᠠᠨ ᠬᠤᠷᠢᠨ ᠵᠢᠯ ᠡᠶᠢᠮᠦ ᠶᠠᠩᠵᠤ ᠪᠠᠷ ᠦᠷᠬᠦᠯᠵᠢᠯᠡᠭᠰᠡᠨ | ᠪᠠᠶᠢᠨ᠎ᠠ᠃ ᠡᠬᠦᠨ ᠳᠤ ᠮᠤᠩᠭᠤᠯ ᠰᠤᠨᠢᠨ ᠤ ᠲᠦᠷᠪᠡᠨ ᠨᠢᠭᠤᠷ ᠤᠨ ᠠᠭᠤᠯᠭ᠎ᠠ ᠬᠢᠭᠡᠳ ᠪᠤᠯᠤᠩ ᠤᠨ ᠲᠤᠬᠠᠢ | ᠴᠤᠬᠤᠰ ᠲᠤᠷᠠᠳᠪᠠᠯ᠄ ᠬᠡᠯᠡᠯᠭᠡᠨ ᠦᠬᠡᠢ ᠲᠡᠷᠢᠬᠦᠨ ᠨᠢᠭᠤᠷ ᠲᠤ ᠨᠠᠮ ᠵᠠᠰᠠᠭ ᠤᠨ ᠴᠢᠬᠤᠯᠠ ᠰᠤᠨᠢᠨ ᠮᠡᠳᠡᠭᠡ ᠶᠢ | ᠨᠡᠶᠢᠳᠡᠯᠡᠨ᠎ᠡ᠃ ᠬᠤᠶᠠᠳᠤᠭᠠᠷ ᠨᠢᠭᠤᠷ ᠲᠤ ᠮᠠᠯ ᠠᠵᠤ ᠠᠬᠤᠢ᠂ ᠮᠠᠯᠴᠢᠨ ᠲᠦᠮᠡᠨ᠂ ᠮᠠᠯᠵᠢᠬᠤ ᠦᠢᠯᠡᠳᠪᠦᠷᠢᠯᠡᠯ | ᠠᠮᠢᠳᠤᠷᠠᠯ᠂ ᠮᠠᠯ ᠡᠮᠨᠡᠯᠭᠡ᠂ ᠮᠡᠷᠭᠡᠵᠢᠯ ᠰᠢᠨᠡᠴᠢᠯᠡᠯᠳᠡ᠂ ᠪᠠᠶᠢᠭᠠᠯᠢ ᠠᠬᠤᠢ᠂ ᠪᠡᠯᠴᠢᠭᠡᠷ ᠬᠠᠳᠤᠯᠠᠩ ᠲᠠᠢ ᠬᠠᠮᠢᠶ᠎ᠠ | ᠪᠦᠬᠦᠢ ᠠᠭᠤᠯᠭ᠎ᠠ ᠶᠢ ᠬᠠᠮᠤᠷᠤᠭᠰᠠᠨ ᠮᠡᠳᠡᠭᠡ ᠬᠢᠭᠡᠳ ᠰᠤᠷᠪᠤᠯᠵᠢᠯᠠᠭ᠎ᠠ ᠴᠢᠮᠡᠭᠡᠯᠡᠯ ᠢᠶᠠᠷ ᠭᠤᠤᠯᠳᠠᠭᠤᠯᠵᠤ᠂ | ᠭᠤᠷᠪᠠᠳᠤᠭᠠᠷ ᠨᠢᠭᠤᠷ ᠪᠤᠯ ᠤᠯᠠᠨ ᠲᠦᠮᠡᠨᠴᠢ ᠨᠢᠭᠤᠷ ᠪᠠᠶᠢᠵᠤ᠂ ᠨᠠᠮ ᠤᠯᠠᠨ ᠲᠦᠮᠡᠨ᠂ ᠡᠪ ᠬᠠᠮᠳᠤ | ᠵᠠᠯᠠᠭᠤᠴᠤᠳ ᠤᠨ ᠡᠪᠯᠡᠯ᠂ ᠡᠮᠡᠭᠳᠡᠶᠢᠴᠦᠳ᠂ ᠡᠷᠦᠬᠡ ᠶᠢᠨ ᠴᠡᠷᠢᠭ᠂ ᠰᠤᠶᠤᠯ ᠰᠤᠷᠭᠠᠨ ᠬᠦᠮᠦᠵᠢᠯ᠂ ᠬᠠᠤᠯᠢ | ᠴᠠᠭᠠᠵᠠ᠂ ᠶᠤᠰᠤ ᠰᠤᠷᠳᠠᠬᠤᠨ᠂ ᠤᠯᠠᠮᠵᠢᠯᠠᠯᠳᠤ ᠵᠠᠩ ᠵᠠᠩᠰᠢᠯ᠂ ᠢᠳᠡᠭᠡᠨ ᠤᠮᠳᠠᠭᠠᠨ᠂ ᠡᠮ ᠡᠮᠨᠡᠯᠭᠡ ᠡᠷᠡᠭᠦᠯ | ᠮᠡᠨᠳᠦ᠂ ᠨᠠᠶᠢᠷ ᠨᠠᠭᠠᠳᠤᠮ ᠭᠡᠬᠦᠴᠢᠯᠡᠨ ᠢ ᠪᠠᠭᠳᠠᠭᠠᠭᠰᠠᠨ ᠤᠯᠠᠨ ᠲᠠᠯ᠎ᠠ ᠶᠢᠨ ᠠᠭᠤᠯᠭ᠎ᠠ ᠪᠦᠬᠦᠢ ᠮᠡᠳᠡᠭᠡᠯᠡᠯ ᠪᠤᠶᠤ | ᠤᠷᠠᠨ ᠴᠢᠮᠡᠭᠡᠯᠡᠯ ᠵᠢᠴᠢ ᠰᠤᠷᠪᠤᠯᠵᠢᠯᠠᠭ᠎ᠠ ᠶᠢ ᠨᠡᠶᠢᠳᠡᠯᠡᠵᠦ ᠪᠠᠶᠢᠬᠰᠠᠨ ᠪᠠ ᠲᠦᠷᠪᠡᠳᠦᠭᠡᠷ ᠨᠢᠭᠤᠷ ᠪᠤᠯ ᠤᠷᠠᠨ | ᠵᠤᠬᠢᠶᠠᠯ ᠤᠨ ᠲᠤᠰᠬᠠᠢ ᠨᠢᠭᠤᠷ ᠪᠦᠭᠡᠳ ︽ᠬᠤᠨᠳᠤ ᠨᠠᠭᠤᠷ︾ ᠲᠤᠰᠬᠠᠢ ᠪᠤᠯᠤᠩ ᠲᠠᠢ ᠶᠤᠮ᠃ | ᠰᠡᠬᠦᠯ ᠤᠨ ᠨᠠᠢᠮᠠᠨ ᠵᠢᠯ ᠳᠤ 4 ᠵᠦᠰᠦᠮ ᠤᠨ ᠰᠤᠨᠢᠨ ᠪᠤᠯᠤᠨ ᠤᠤᠯ ᠤᠨ ᠬᠢ ᠠᠴᠠ ᠪᠠᠨ ᠲᠠᠬᠢᠨ ᠢᠶᠠᠷ | ᠶᠡᠬᠡᠰᠦᠭᠰᠡᠨ ᠠᠴᠠ ᠡᠬᠡ ᠪᠢᠴᠢᠭ ᠤᠨ ᠲᠤᠭ᠎ᠠ ᠬᠢᠭᠡᠳ ᠦᠰᠦᠭ ᠤᠨ ᠲᠤᠭ᠎ᠠ ᠮᠦᠨ ᠲᠠᠭᠠᠭᠠᠳ ᠲᠠᠬᠢᠨ ᠲᠤᠭ᠎ᠠ ᠪᠠᠷ | ᠱᠠᠭᠠᠷᠳᠠᠭᠳᠠᠵᠤ᠂ ᠨᠢᠬᠡ ᠬᠤᠶᠠᠳᠤᠭᠠᠷ ᠨᠢᠭᠤᠷ ᠲᠤ ᠶᠡᠭᠡ ᠲᠦᠯᠦᠪ ᠬᠤᠷᠠᠯ ᠤᠨ ᠮᠡᠳᠡᠭᠡ ᠪᠠᠷ ᠭᠤᠤᠯᠳᠠᠵᠤ᠂ | ᠭᠤᠷᠪᠠᠳᠤᠭᠠᠷ ᠨᠢᠭᠤᠷ ᠲᠤ ︽ᠬᠦᠮᠦᠨ ᠨᠡᠶᠢᠭᠡᠮ︾᠂ ︽ᠦᠪ ᠰᠤᠶᠤᠯ︾᠂ ︽ᠰᠤᠶᠤᠯ ᠲᠡᠦᠬᠡ︾᠂ ︽ | ᠰᠤᠷᠭᠠᠭᠤᠯᠢ ᠶᠢᠨ ᠬᠦᠷᠢᠶᠡᠯᠡᠩ︾᠂ ︽ᠮᠠᠯᠴᠢᠳ ᠤᠨ ᠬᠠᠨᠢ︾᠂ ︽ᠤᠨᠤᠯ ᠱᠦᠬᠦᠮᠡᠭ︾᠂ ︽ᠲᠤᠰᠬᠠᠢ | ᠮᠡᠳᠡᠭᠡᠯᠡᠯ︾᠂ ︽ᠨᠡᠶᠢᠭᠡᠮ ᠠᠵᠢᠭᠯᠠᠯᠳᠠ︾ ᠵᠡᠷᠭᠡ ᠬᠦᠮᠦᠰᠭᠡ ᠳᠤ ᠬᠠᠷᠠᠭᠠᠯᠵᠠᠭᠤᠯᠤᠭᠰᠠᠨ ︽ᠦᠢᠯᠡᠰ ᠤᠨ | ᠲᠦᠷᠦᠬᠡ︾᠂ ︽ᠨᠤᠳᠤᠭ ᠤᠨ ᠠᠯᠳᠠᠷᠳᠠᠳ︾᠂ ︽ᠦᠢᠯᠡᠰ ᠤᠨ ᠮᠦᠷ︾᠂ ︽ᠲᠡᠦᠬᠡ ᠶᠢᠨ ᠤᠯᠪᠠᠭ᠎ᠠ︾᠂ ︽ | ᠨᠤᠳᠤᠭ ᠰᠤᠶᠤᠯ︾ ᠂ ︽ᠴᠤᠤᠳᠤ ᠬᠦᠮᠦᠰ︾᠂ ︽ᠵᠠᠩ ᠠᠷᠠᠨᠰᠢᠨ ︵ᠮᠤᠩᠭᠤᠯ ᠠᠮᠢᠳᠤᠷᠠᠯ ᠠᠬᠤᠢ ᠶᠢᠨ ᠳᠤᠬᠠᠢ | ᠬᠦᠦᠷᠨᠢᠯ᠂ ᠬᠤᠪᠴᠠᠰᠤ ᠵᠠᠰᠠᠯ᠂ ᠡᠳ᠋ᠯᠡᠯ ᠬᠡᠷᠡᠭᠯᠡᠭᠦᠷ᠂ ᠰᠢᠳᠦᠭᠡᠨ ᠵᠠᠩᠰᠢᠯ᠂ ᠬᠤᠷᠢᠮ ᠬᠤᠷᠠᠯ᠂ ᠵᠠᠩ ᠦᠢᠯᠡ᠂ | ᠳᠠᠳᠬᠠᠯ ᠰᠤᠷᠳᠠᠯ ᠁︶︾ ᠂ ︽ᠬᠠᠭᠤᠴᠢ ᠬᠦᠦᠷᠨᠢᠯ︾᠂ ︽ᠲᠤᠮᠤᠭᠳᠤ ᠨᠤᠳᠤᠭ ︵ᠨᠤᠳᠤᠭ ᠤᠰᠤ᠂ | ᠨᠠᠭᠤᠷ ᠭᠤᠤᠯ᠂ ᠠᠭᠤᠯᠠ ᠳᠠᠯ᠎ᠠ᠂ ᠤᠪᠤᠭ᠎ᠠ ᠱᠠᠩᠰᠢ ᠵᠡᠷᠭᠡ ᠶᠢᠨ ᠳᠤᠬᠠᠢ ᠳᠡᠥᠬᠡ ᠳᠤᠮᠤᠭ ︶︾᠂ ︽ᠬᠤᠳᠠ | ᠬᠦᠳᠡᠭᠡ ᠵᠢᠨᠵᠤᠭᠤᠭ ︵ᠮᠤᠩᠭᠤᠯᠴᠤᠳ ᠤᠨ ᠠᠳᠠᠯ ᠠᠮᠢᠳᠤᠷᠠᠯ ᠤᠨ ᠪᠠᠶᠢᠳᠠᠯ᠂ ᠦᠭᠡᠳᠡᠯᠡᠯ ᠬᠦᠭᠵᠢᠯ ᠤᠨ ᠪᠠᠶᠢᠳᠠᠯ | ᠵᠢᠴᠢ ᠬᠤᠳᠠ ᠬᠦᠳᠡᠭᠡ ᠶᠢᠨ ᠠᠮᠢᠳᠤᠷᠠᠯ ᠤᠨ ᠰᠡᠭᠦᠳᠡᠷ ᠲᠠᠢ ᠲᠠᠯ᠎ᠠ᠂ ᠡᠭᠦᠳᠡᠨ ᠭᠡᠷ ᠲᠦᠷᠢᠶᠡᠰᠦᠯᠡᠵᠦ᠂ ᠬᠡᠦᠬᠡᠳ | ᠬᠠᠷᠠᠵᠤ ᠰᠠᠭᠤᠭ᠎ᠠ ᠠᠷᠴᠠᠭ᠎ᠠ ᠦᠬᠡᠢ ᠪᠠᠶᠢᠳᠠᠯ᠂ ᠨᠤᠳᠤᠭ ᠤᠰᠤ ᠪᠠᠨ ᠬᠤᠳᠠᠯᠳᠤᠵᠤ ᠬᠦᠴᠢᠷᠳᠡᠢ ᠠᠮᠢᠳᠤᠷᠠᠵᠦ | ᠪᠠᠶᠢᠭ᠎ᠠ ᠮᠡᠳᠦ ᠶᠢᠨ ᠁︶︾᠂ ︽ᠬᠠᠶᠢᠷ᠎ᠠ ᠶᠢᠨ ᠬᠠᠯᠢᠶ᠎ᠠ ︵ᠨᠡᠶᠢᠭᠡᠮ ᠤᠨ ᠳᠤᠷᠤᠢ ᠪᠠᠭᠤᠷᠠᠶᠢᠴᠤᠤᠯ ᠢ | ᠳᠤᠰᠠᠯᠠᠵᠦ ᠳᠡᠮᠵᠢᠵᠦ ᠪᠠᠶᠢᠭ᠎ᠠ︶︾᠂ ︽ᠮᠤᠩᠭᠤᠯ ᠬᠡᠯᠡ︾᠂ ︽ᠮᠦᠩᠬᠡ ᠲᠤᠯᠭ᠎ᠠ ︵ᠰᠣᠷᠭᠠᠭᠤᠯᠢ ᠶᠢᠨ | ᠬᠦᠷᠢᠶᠡᠨ ᠤ ᠡᠯ᠎ᠡ ᠰᠣᠷᠣᠯᠭ᠎ᠠ ᠠᠮᠢᠳᠤᠷᠠᠯ᠂ ᠬᠦᠮᠦᠵᠢᠯ ᠪᠤᠯᠪᠠᠰᠤᠷᠠᠯ ᠤᠨ ᠲᠤᠬᠠᠢ ᠴᠢᠮᠡᠭᠡᠯᠡᠯ᠂ ᠪᠠᠭᠰᠢ ᠶᠢᠨ | ᠦᠬᠦᠯᠡᠯ᠂ ᠭᠡᠷ ᠤᠨ ᠠᠬᠠᠮᠠᠳ ᠤᠨ ᠬᠡᠦᠬᠡᠳ ᠢᠶᠠᠨ ᠬᠦᠮᠦᠵᠢᠭᠦᠯᠦᠭᠰᠡᠨ ᠦᠯᠢᠭᠡᠷ ᠵᠢᠱᠢᠶ᠎ᠡ᠂ ᠵᠢᠱᠢᠶᠡᠴᠢ ᠰᠤᠷᠤᠭᠴᠢ᠂ | ᠰᠠᠶᠢᠨ ᠬᠦᠮᠦᠨ ᠤ ᠰᠠᠶᠢᠨ ᠠᠵᠢᠯᠯᠠᠭ᠎ᠠ᠂ ᠰᠤᠷᠭᠠᠭᠤᠯᠢ ᠶᠢᠨ ᠲᠤᠬᠠᠢ ᠭᠦᠨᠴᠡᠳᠦ ᠴᠢᠮᠡᠬᠡᠯᠡᠯ︶︾᠂ ︽ᠮᠠᠯᠵᠢᠯ | ᠰᠤᠶᠤᠯ ︵ᠮᠤᠩᠭᠤᠯᠴᠤᠳ ᠤᠨ ᠨᠡᠭᠦᠳᠡᠯ ᠰᠤᠶᠤᠯ ᠤᠨ ᠤᠯᠠᠮᠵᠢᠯᠠᠯ᠂ ᠲᠡᠦᠬᠡ ᠶᠢᠨ ᠤᠯᠠ ᠮᠦᠷ᠂ ᠲᠤᠷᠰᠢᠯᠭ᠎ᠠ᠂ | ᠨᠤᠳᠤᠭ ᠤᠨ ᠮᠡᠷᠭᠡᠵᠢᠯ᠂ ᠲᠤᠮ ᠲᠤᠬᠢᠶ᠎ᠠ ᠁︶︾᠂ ︽ᠪᠠᠶᠢᠭᠠᠯᠢ ᠤᠷᠴᠢᠨ ︵ᠪᠠᠶᠢᠭᠠᠯᠢ ᠠᠬᠤᠢ ᠶᠢᠨ | ᠬᠠᠮᠠᠭᠠᠯᠠᠯᠳᠠ᠂ ᠡᠪᠳᠡᠭᠳᠡᠯ᠂ ᠬᠦᠮᠦᠨ ᠪᠠᠶᠢᠭᠠᠯᠢ ᠶᠢᠨ ᠡᠶ᠎ᠡ ᠵᠤᠬᠢᠴᠠᠯ᠂ ᠤᠯᠠᠮᠵᠢᠯᠠᠯᠳᠤ ᠦᠢᠯᠡᠳᠪᠦᠷᠢᠯᠡᠯ ᠠᠮᠢᠳᠤᠷᠠᠯ | ᠤᠨ ᠬᠡᠪ ᠰᠢᠨᠵᠢ︶︾᠂ ︽ᠨᠠᠶᠢᠷ ᠨᠠᠭᠠᠳᠤᠮ ︵ᠱᠠᠭ᠎ᠠ ᠲᠤᠭᠯᠠᠭᠠᠮ᠂ ᠰᠢᠳᠠᠷ᠎ᠠ᠂ ᠪᠤᠭᠤ ᠵᠢᠷᠭᠢᠭᠡ᠂ ᠠᠮᠤᠷ | ᠪᠠᠶᠠᠰᠬᠤᠯᠠᠩᠳᠤ ᠨᠠᠭᠠᠳᠤᠮ᠂ ᠠᠷᠠᠳ ᠤᠨ ᠲᠤᠮᠳᠠᠬᠢ ᠤᠶᠤᠨ ᠪᠢᠯᠢᠭ ᠲᠤ ᠲᠤᠰᠠᠳᠠᠢ ᠨᠠᠭᠠᠳᠤᠮ ᠁︶︾ ᠭᠡᠬᠦ | ᠪᠤᠯᠤᠩ ᠲᠤᠬᠢᠶᠠᠵᠤ᠂ ᠲᠦᠷᠪᠡᠳᠦᠭᠡᠷ ᠨᠢᠭᠤᠷ ᠮᠦᠨ ᠤᠷᠠᠨ ᠵᠤᠬᠢᠶᠠᠯ ᠤᠨ ᠲᠤᠰᠬᠠᠢ ᠨᠢᠭᠤᠷ ᠢᠶᠠᠨ ᠪᠠᠷᠢᠮᠳᠠᠯᠠᠵᠤ | ᠢᠷᠡᠭᠰᠡᠨ ᠪᠠᠶᠢᠨ᠎ᠠ᠃ | ᠲᠤᠰ ᠬᠦᠮᠦᠨ ᠭᠤᠷᠪᠠᠳᠤᠭᠠᠷ ᠨᠢᠭᠤᠷ ᠢ ᠨᠢᠭᠡᠨᠳᠡ 28 ᠵᠢᠯ ᠭᠠᠷᠳᠠᠨ ᠨᠠᠶᠢᠷᠠᠭᠤᠯᠬᠤ ᠶᠢᠨ ᠲᠠᠭᠠᠤ | ᠰᠤᠷᠪᠤᠯᠵᠢᠯᠠᠬᠴᠢ ᠶᠢᠨ ᠡᠭᠦᠷᠬᠡ ᠶᠢ ᠴᠤ ᠭᠦᠢᠴᠡᠳᠭᠡᠵᠦ ᠢᠷᠡᠪᠡ᠃ | ᠨᠠᠶᠢᠷᠠᠭᠤᠯᠤᠬᠴᠢ ᠭᠡᠵᠦ ᠬᠡᠯᠡᠪᠡᠯ ᠨᠠᠭᠤᠢ ᠤᠯᠠᠨ ᠵᠦᠢᠯᠡᠰ ᠬᠤᠯᠪᠤᠬᠳᠠᠬᠤ ᠪᠤᠯᠬᠤᠷ ᠨᠠᠭᠠᠳᠤ ᠵᠠᠬ᠎ᠠ ᠠᠴᠠ ᠨᠢ | ᠨᠢᠬᠡ ᠪᠠᠭ᠎ᠠ ᠰᠠᠭ᠎ᠠ ᠶᠠᠷᠢᠴᠢᠬᠠᠶ᠎ᠠ᠃ | ᠶᠠᠭᠤᠨ ᠤ ᠤᠷᠢᠳ ᠡᠬᠡ ᠪᠢᠴᠢᠭ ᠵᠠᠰᠠᠬᠤ ᠬᠢᠭᠡᠳ ᠦᠰᠦᠭ ᠤᠨ ᠵᠦᠪ ᠪᠢᠴᠢᠯᠭᠡ ᠶᠢ ᠨᠢᠭᠡ ᠠᠯᠬᠤᠮ ᠢᠶᠠᠷ | ᠪᠤᠳᠤᠭᠠᠳ᠂ ᠮᠢᠨᠦ ᠲᠠᠷᠢᠬᠢᠨ ᠳᠤ ᠪᠤᠶᠤ ᠨᠢᠳᠦᠨ ᠳᠤ ᠬᠠᠷᠠᠭᠳᠠᠬᠤ ᠰᠢᠤᠬᠠᠨ ᠰᠠᠭᠤᠭᠳᠠᠯ ᠢᠶᠠᠨ ᠲᠦᠰᠢᠨ ︽ᠡᠬᠡ | ᠪᠢᠴᠢᠭ ᠵᠠᠰᠠᠬᠤ ᠬᠡᠵᠦ ᠶᠠᠭᠤ ᠪᠤᠢ︖︾᠂ ︽ᠦᠰᠦᠭ ᠬᠠᠷᠭᠤᠭᠤᠯᠬᠤ ᠬᠡᠵᠦ ᠶᠠᠭᠤ ᠪᠤᠢ︖︾ ᠭᠡᠰᠡᠨ | ᠠᠰᠠᠭᠤᠯᠳᠠ ᠠᠶᠠᠨᠳᠠᠭᠠᠨ ᠯᠡ ᠤᠷᠤᠵᠤ ᠢᠷᠡᠬᠦ ᠶᠢᠨ ᠬᠠᠮᠳᠤ ᠬᠠᠷᠢᠭᠤᠯᠳᠠ ᠨᠢ ᠴᠤ ᠭᠠᠷᠴᠤ ᠢᠷᠡᠵᠦ ᠪᠠᠶᠢᠨ᠎ᠠ᠃ | ᠨᠢᠬᠡ ᠨᠢᠬᠡ ᠦᠰᠦᠭ ᠲᠡᠭᠡᠷ᠎ᠡ ᠨᠢᠳᠦ ᠲᠤᠰᠴᠤ᠂ ᠠᠴᠤᠭ ᠰᠢᠯᠪᠢ᠂ ᠠᠷᠠᠭ᠎ᠠ ᠰᠢᠳᠦ᠂ ᠤᠷᠬᠢᠴᠠ ᠴᠠᠴᠤᠯᠭ᠎ᠠ | ᠂ ᠨᠢᠷᠤᠭᠤ ᠭᠡᠳᠡᠰᠦ᠂ ᠴᠢᠩᠭ᠎ᠠ ᠬᠦᠨᠳᠡᠢ᠂ ᠲᠠᠶᠢᠨ ᠢᠯᠭᠠᠯ ᠤᠨ ᠲᠠᠭᠠᠪᠤᠷᠢ᠂ ᠡᠭᠡᠰᠢᠭ ᠵᠤᠬᠢᠴᠠᠬᠤ ᠶᠤᠰᠤᠨ ᠭᠡᠳᠡᠯ᠎ᠡ | ᠭᠡᠶᠢᠬᠦᠯᠦᠭᠴᠢ ᠵᠤᠬᠢᠴᠠᠬᠤ ᠶᠤᠰᠤᠨ ᠭᠡᠳ ᠠᠪᠢᠶ᠎ᠠ ᠵᠦᠢ᠂ ᠦᠬᠡ ᠵᠦᠢ᠂ ᠤᠳᠬ᠎ᠠ ᠵᠦᠢ ᠳᠤ ᠬᠤᠯᠪᠤᠬᠳᠠᠬᠤ ᠪᠠᠭ᠎ᠠ | ᠰᠤᠷᠭᠠᠭᠤᠯᠢ ᠠᠴᠠ ᠲᠤᠮᠳᠠᠳᠤ ᠰᠤᠷᠭᠠᠭᠤᠯᠢ᠂ ᠶᠡᠭᠡ ᠲᠡᠭᠡᠳᠦ ᠰᠤᠷᠭᠠᠭᠤᠯᠢ ᠴᠢᠨᠠᠬᠰᠢᠯᠠᠪᠠᠯ ᠨᠠᠰᠤᠨ ᠲᠤᠷᠰᠢᠳᠠ | ᠰᠤᠷᠴᠤ ᠡᠵᠡᠮᠰᠢᠨ ᠪᠠᠷᠢᠮᠳᠠᠯᠠᠬᠤ ᠴᠢᠬᠤᠯᠠᠳᠠᠢ ᠮᠤᠩᠭᠤᠯ ᠬᠡᠯᠡ ᠵᠦᠢ ᠶᠢᠨ ᠦᠨᠳᠦᠰᠦᠨ ᠮᠡᠳᠡᠯᠭᠡ ᠶᠢ ᠦᠢᠯᠡᠳᠦᠯᠭᠡ | ᠲᠡᠭᠡᠷ᠎ᠡ ᠲᠤᠤᠱ ᠲᠤᠨᠢ ᠲᠠᠪᠳᠠᠵᠤ ᠭᠠᠷᠬᠤ ᠶᠢ ︽ᠡᠬᠡ ᠪᠢᠴᠢᠭ ᠵᠠᠰᠠᠬᠤ ᠪᠤᠶᠤ ᠦᠰᠦᠭ ᠬᠠᠷᠭᠤᠭᠤᠯᠬᠤ︾ ᠬᠡᠵᠦ | ᠬᠡᠯᠡᠵᠦ ᠪᠤᠯᠤᠮᠠᠷ᠃ | ᠤᠶᠢᠷ᠎ᠠ ᠶᠢᠨ ᠵᠢᠯ ᠤᠳ ᠲᠤ ᠭᠠᠷ ᠢᠶᠠᠷ ᠪᠢᠴᠢᠬᠦ ᠴᠦᠭᠡᠬᠡᠷᠡᠭᠰᠡᠨ ᠠᠴᠠ ᠪᠤᠶᠤ ᠦᠰᠦᠭ ᠤᠨ ᠪᠢᠴᠢᠯᠭᠡ ᠳᠤ | ᠵᠠᠰᠠᠯᠳᠠ ᠤᠷᠤᠭᠤᠯᠤᠬᠰᠠᠨ ᠠᠴᠠ ᠵᠦᠪ ᠦᠰᠦᠭ ᠢᠶᠠᠨ ᠴᠦ ᠪᠤᠷᠤᠭᠤ ᠪᠤᠯᠭᠠᠵᠤ ᠪᠢᠴᠢᠬᠦ ᠭᠡᠳ ᠪᠠᠶᠢᠬᠤ ᠦᠵᠡᠭᠳᠡᠯ | ᠤᠷᠤᠰᠢᠬᠤ ᠪᠤᠯᠤᠬᠰᠠᠨ᠃ ᠶᠠᠭ ᠦᠨᠡᠨᠳᠡᠭᠡᠨ ᠭᠠᠷ ᠢᠶᠠᠷ ᠪᠢᠴᠢᠬᠦ ᠦᠶ᠎ᠡ ᠳᠤ ᠦᠭᠡ ᠦᠰᠦᠭ ᠴᠢᠨᠢ ᠠᠶᠠᠨᠳᠠᠭᠠᠨ | ᠭᠠᠷ ᠤᠨ ᠠᠶ᠎ᠠ ᠪᠠᠷ ᠬᠠᠳᠠᠩᠰᠢᠭᠰᠠᠨ ᠶᠤᠰᠤᠭᠠᠷ ᠵᠦᠪ ᠪᠢᠴᠢᠭᠳᠡᠬᠦ ᠤᠴᠢᠷ ᠲᠠᠢ ᠶᠤᠮ᠃ | ᠰᠡᠳᠦᠪ ᠠᠴᠠ ᠭᠠᠳᠠᠭᠤᠷ ᠬᠡᠳᠦᠨ ᠦᠭᠡ ᠶᠠᠷᠢᠬᠤ ᠳᠤ ᠫᠠᠶᠢᠵᠠ ᠢᠯᠡᠷᠬᠡᠶᠢᠯᠡᠯ᠂ ᠬᠠᠨ᠎ᠠ ᠬᠠᠶᠠᠭᠠᠨ ᠲᠡᠭᠡᠷᠡᠬᠢ | ᠦᠰᠦᠭ᠂ ᠬᠤᠷᠠᠯ ᠴᠤᠭᠯᠠᠭᠠᠨ᠂ ᠬᠦᠳᠡᠯᠭᠡᠭᠡᠨᠠᠵᠢᠯᠯᠠᠭᠠᠨ ᠤ ᠮᠡᠳᠡᠭᠳᠡᠯ ᠭᠡᠳ ᠨᠢᠳᠦᠨ ᠳᠤ ᠦᠷᠳᠦᠬᠦ ᠶᠢᠨ | ᠲᠤᠭᠠᠯᠠᠩ ᠢᠶᠠᠷ ᠡᠮᠵᠡᠭ ᠪᠤᠷᠤᠭᠤ ᠨᠢ ᠨᠢᠭᠡᠯᠡ ᠢᠯᠡ ᠬᠠᠷᠠᠭᠳᠠᠬᠤ ᠪᠠᠷ ᠦᠨᠦᠬᠢ ︽ᠠᠵᠢᠯ ᠲᠦᠷᠦᠯ ᠤᠨ ᠡᠪᠡᠳᠴᠢᠨ | ︾ ᠳᠤ ᠨᠢ ᠠᠷᠭ᠎ᠠ ᠦᠭᠡᠢ ᠨᠡᠷᠪᠡᠭᠳᠡᠵᠦ ᠭᠡᠳᠡᠭ ᠢᠶᠠᠨ ᠮᠡᠳᠡᠷᠡᠬᠦ ᠦᠬᠡᠢ ᠪᠠᠶᠢᠬᠤ ᠶᠢᠨ ᠠᠷᠭ᠎ᠠ ᠦᠭᠡᠢ ᠪᠤᠯᠤᠬᠰᠠᠨ ᠤ | ᠲᠠᠭᠠᠤ ᠦᠷᠦᠭᠡᠯ ᠤᠨ ᠪᠦᠭᠡᠰᠦ ᠶᠢ ᠲᠡᠭᠦᠬᠦ ᠶᠢᠨ ᠤᠷᠤᠨ ᠳᠤ ᠦᠪᠡᠷ ᠤᠨ ᠢᠶᠠᠨ ᠰᠤᠨᠢᠨ ᠤ ᠨᠢᠭᠤᠷ ᠢ ᠪᠤᠦ | ᠪᠦᠭᠡᠰᠦᠳᠡᠭᠦᠯᠦᠶᠡ ᠬᠡᠮᠡᠨ ᠶᠡᠬᠡᠯ᠎ᠡ ᠬᠢᠴᠢᠶᠡᠨ ᠢᠷᠡᠭᠰᠡᠨ ᠬᠡᠵᠦ ᠬᠡᠯᠡᠬᠦ ᠳᠤ ᠬᠡᠳᠦᠷᠡᠭᠦᠯᠦᠯ ᠪᠢᠰᠢ᠃ | ᠮᠠᠨ ᠤ ᠰᠤᠨᠢᠨ ᠤ ᠬᠡᠳᠦᠨ ᠦᠶ᠎ᠡ ᠶᠢᠨ ᠨᠠᠶᠢᠷᠠᠭᠤᠯᠤᠬᠴᠢ ᠰᠤᠷᠪᠤᠯᠵᠢᠯᠠᠬᠴᠢᠳ ᠤᠨ ᠲᠤᠬᠠᠢ ᠲᠡᠭᠡᠷ᠎ᠡ | ᠬᠤᠭᠤᠴᠠᠭᠠᠨ ᠤ ︽ᠪᠢ ᠠᠷᠦ ᠬᠤᠷᠴᠢᠨ ᠰᠤᠨᠢᠨ ᠲᠠᠢ ᠪᠠᠨ︾ ᠲᠤᠰᠬᠠᠢ ᠪᠤᠯᠤᠩ ᠢᠶᠠᠷ ᠨᠡᠶᠢᠳᠡᠯᠡᠭᠰᠡᠨ ᠤ᠊ · | ᠪᠤᠶ᠋ᠬᠠᠦ᠋ᠯᠵᠡᠢ ᠪᠠᠭᠰᠢ ᠶᠢᠨ ︽ᠴᠠᠭᠠᠰᠤᠨ ᠬᠡᠪᠯᠡᠯ ᠤᠨ ᠠᠷᠦ ᠬᠤᠷᠴᠢᠨ ᠰᠤᠨᠢᠨ ᠮᠢᠨᠢ︾ ᠭᠡᠬᠦ ᠵᠤᠬᠢᠶᠠᠯ ᠳᠤ | ᠲᠤᠳᠤᠷᠬᠠᠢ ᠪᠢᠴᠢᠭᠰᠡᠨ ᠪᠤᠯᠬᠤᠷ ᠪᠢ ᠲᠠᠪᠳᠠᠨ ᠶᠠᠷᠢᠬᠤ ᠦᠬᠡᠢ᠃ ᠠᠳᠡ ᠡᠷᠭᠢᠴᠡᠭᠦᠯᠦᠨ ᠲᠤᠳᠤᠷᠬᠠᠶᠢᠯᠠᠬᠤ ᠠᠴᠠ᠂ | ᠮᠠᠨ ᠤ ᠮᠤᠩᠭᠤᠯ ᠨᠠᠶᠢᠷᠠᠭᠤᠯᠬᠤ ᠬᠡᠯᠳᠡᠰ ᠤᠨ ᠬᠢᠨᠢ ᠶᠡᠷᠦᠳᠡᠭᠡᠨ ᠯᠡ ᠬᠡᠳᠦᠬᠡᠨ ᠬᠦᠮᠦᠨ᠃ ᠡᠬᠡ ᠪᠢᠴᠢᠭ ᠤᠨ | ᠵᠠᠰᠠᠯᠳᠠ ᠬᠢᠨᠠᠯᠳᠠ ᠬᠢᠭᠡᠳ ᠨᠠᠶᠢᠷᠠᠭᠤᠯᠭ᠎ᠠ ᠳᠤ ᠬᠠᠮᠳᠤ ᠳᠠᠭᠠᠨ ᠵᠦᠪᠯᠡᠯᠴᠡᠵᠦ᠂ ᠦᠭᠡ ᠦᠬᠦᠯᠡᠪᠦᠷᠢ ᠶᠢᠨ | ᠨᠡᠶᠢᠴᠡᠪᠦᠷᠢ ᠲᠠᠢ ᠡᠰᠡᠬᠦ᠂ ᠠᠯᠢ ᠨᠢᠬᠡ ᠪᠠᠳᠠᠭ ᠦᠭᠡ ᠶᠢᠨ ᠪᠠᠶᠢᠷᠢᠰᠢᠯ ᠰᠤᠯᠢᠭᠳᠠᠭᠰᠠᠨ ᠡᠰᠡᠬᠦ᠂ ᠨᠢᠭᠡ ᠮᠡᠳᠡᠭᠡ ᠶᠢᠨ | ᠠᠭᠤᠯᠭ᠎ᠠ ᠳᠤ ᠨᠤᠷᠱᠤᠭᠤᠨ ᠪᠤᠶᠤ ᠡᠰᠡ ᠤᠶᠢᠯᠠᠭᠠᠬᠳᠠᠬᠤ ᠮᠢᠬᠠᠴᠢᠯᠠᠬᠰᠠᠨ ᠤᠷᠴᠢᠭᠤᠯᠭ᠎ᠠ ᠪᠠᠶᠢᠬᠤ ᠡᠰᠡᠬᠦ ᠠᠴᠠ | ᠦᠭᠰᠦᠭᠦᠯᠦᠭᠡᠳ ᠴᠢᠮᠡᠭᠡᠯᠡᠯ ᠢ ᠶᠠᠭᠠᠬᠢᠵᠤ ᠤᠨᠤᠴᠢᠳᠠᠢ ᠤᠩᠰᠢᠪᠤᠷᠢᠳᠠᠢ ᠤᠷᠠᠯᠢᠭ ᠭᠠᠷᠴᠠᠬᠯᠠᠬᠤ ᠶᠢ ᠬᠡᠳᠦ ᠬᠡᠳᠦᠨ | ᠲᠠᠯ᠎ᠠ ᠠᠴᠠ ᠨᠢ ᠶᠠᠷᠢᠯᠴᠠᠵᠤ ᠪᠠᠶᠢᠭᠠᠳ ᠠᠯᠢ ᠡᠪᠳᠡᠢ ᠭᠡᠰᠡᠨ ᠢᠶᠠᠨ ᠰᠤᠩᠭᠤᠵᠤ᠂ ᠴᠤᠬᠤᠮ ᠴᠤ ︽ᠭᠤᠷᠪᠠᠨ | ᠡᠯᠳᠡᠭᠦᠷᠴᠢᠨ ᠨᠡᠶᠢᠯᠡᠪᠡᠯ ᠨᠢᠭᠡ ᠵᠤ᠋ ᠭᠧ ᠯᠢᠶᠠᠩ ᠲᠠᠢ ᠲᠡᠩᠴᠡᠨ᠎ᠡ︾ ᠭᠡᠳᠡᠭ ᠤᠨ ᠵᠢᠮ᠎ᠡ ᠶᠢ ᠮᠦᠷᠳᠡᠵᠦ ᠢᠷᠡᠭᠰᠡᠨ | ᠬᠡᠵᠦ ᠬᠡᠯᠡᠵᠦ ᠪᠤᠯᠤᠨ᠎ᠠ᠃ | ︽ᠡᠬᠡ ᠪᠢᠴᠢᠭ ᠨᠠᠶᠢᠷᠠᠭᠤᠯᠬᠤ ᠭᠡᠵᠦ ᠶᠠᠭᠤ ᠪᠤᠢ︖︾ ᠲᠡᠭᠡᠷ᠎ᠡ ᠬᠦᠷᠴᠦ ᠢᠷᠡᠪᠡᠯ᠂ ᠦᠬᠡᠰ ᠤᠨ ᠰᠠᠩ᠂ | ᠦᠬᠡ ᠵᠦᠢ᠂ ᠦᠭᠦᠯᠡᠪᠦᠷᠢ ᠵᠦᠢ᠂ ᠨᠠᠶᠢᠷᠠᠭᠤᠯᠭ᠎ᠠ ᠵᠦᠢ ᠳᠤ ᠤᠷᠤᠵᠤ᠂ ᠦᠭᠡ ᠦᠭᠦᠯᠡᠪᠦᠷᠢ ᠶᠢᠨ ᠨᠡᠶᠢᠴᠡᠪᠦᠷᠢ ᠲᠠᠢ | ᠡᠰᠡᠬᠦ᠂ ᠬᠡᠯᠡ ᠨᠠᠶᠢᠷᠠᠭᠤᠯᠭ᠎ᠠ ᠤᠷᠤᠰᠤᠮ᠎ᠠ ᠵᠤᠬᠢᠴᠠᠩᠭᠤᠢ ᠡᠰᠡᠬᠦ ᠭᠡᠳ ᠪᠠᠰᠠᠯᠠ ᠬᠡᠯᠡ ᠵᠦᠢ ᠶᠢᠨ ᠶᠡᠷᠦ ᠶᠢᠨ | ᠮᠡᠳᠡᠯᠭᠡ ᠶᠢ ᠳᠠᠪᠳᠠᠵᠤ ᠭᠠᠷᠬᠤ ᠶᠠᠪᠤᠴᠠ ᠬᠡᠵᠦ ᠲᠤᠶᠢᠯ ᠤᠨ ᠲᠦᠭᠦᠮ ᠢᠶᠠᠷ ᠪᠠᠭᠴᠠᠯᠠᠶᠠ᠃ | ᠦᠰᠦᠭ ᠦᠷᠦᠬᠦ ᠲᠠᠯ᠎ᠠ ᠪᠠᠷ ᠬᠡᠯᠡᠪᠡᠯ᠂ ᠰᠤᠨᠢᠨ ᠢ ᠡᠬᠢᠯᠡᠮᠡᠭᠴᠡ ᠬᠤᠰᠢᠭᠤᠨ ᠬᠡᠪᠯᠡᠬᠦ ᠦᠢᠯᠡᠳᠪᠦᠷᠢ ᠶᠢᠨ | ᠠᠵᠢᠯᠳᠠᠨ ᠢᠶᠠᠷ ᠲᠤᠭᠤᠯᠭᠠᠨ ᠦᠰᠦᠭ ᠢᠶᠠᠷ ᠲᠡᠭᠦᠯᠬᠡᠵᠦ᠂ ᠬᠡᠪ ᠬᠢᠵᠦ ᠪᠠᠷᠯᠠᠳᠠᠭ ᠪᠠᠶᠢᠬᠰᠠᠨ᠃ ᠬᠡᠳᠦᠨ ᠵᠢᠯ ᠤᠨ | ᠲᠠᠷᠠᠭ᠎ᠠ ᠺᠤᠮᠫᠢᠥᠲ᠋ᠧᠷ ᠢᠶᠠᠷ ᠦᠰᠦᠭ ᠴᠤᠬᠢᠵᠤ ᠲᠠᠷᠤᠮᠠᠯᠯᠠᠬᠤ ᠪᠤᠯᠤᠬᠰᠠᠨ ᠦᠶ᠎ᠡ ᠳᠤ ᠮᠦᠨ ᠲᠤᠰᠬᠠᠢ ᠦᠰᠦᠭ | ᠦᠷᠦᠮᠳᠡᠭᠴᠢ ᠲᠠᠢ ᠪᠠᠶᠢᠪᠠ᠃ ᠰᠡᠭᠦᠯ ᠰᠡᠭᠦᠯᠳᠡᠵᠦ ᠢᠷᠡᠭᠡᠳ ᠬᠠᠷᠢᠨ ᠦᠰᠦᠭ ᠴᠤᠬᠢᠬᠤ ᠠᠵᠢᠯ ᠴᠤ | ᠨᠠᠶᠢᠷᠠᠭᠤᠯᠤᠬᠴᠢ ᠶᠢᠨ ᠪᠤᠯᠵᠤ ᠡᠳᠦᠬᠡ ᠪᠤᠯᠳᠠᠯ᠎ᠠ ᠡᠶᠢᠮᠦᠷᠬᠦ ᠶᠠᠩᠵᠤ ᠪᠠᠷ ᠦᠷᠬᠦᠯᠵᠢᠯᠡᠪᠡ᠃ | ᠲᠤᠭ᠎ᠠ ᠪᠠᠷ ᠦᠭᠦᠯᠡᠬᠦᠢ ᠳᠤ᠄ 8 ᠵᠦᠰᠦᠮ ᠤᠨ ᠰᠤᠨᠢᠨ ᠤ ᠨᠢᠭᠡ ᠨᠢᠭᠤᠷ ᠲᠤ 2000 ᠦᠰᠦᠭ ᠤᠨ ᠡᠬᠡ | ᠪᠢᠴᠢᠭ ᠬᠡᠷᠡᠭᠰᠡᠨ᠎ᠡ᠃ ᠭᠠᠷᠠᠭ ᠪᠦᠷᠢ ᠳᠤ ᠨᠢᠭᠡ ᠬᠤᠪᠢ ᠲᠠᠷᠤᠮᠠᠯᠯᠠᠳᠠᠭ᠃ ᠰᠠᠷ᠎ᠠ ᠶᠢᠨ ᠡᠴᠦᠰ ᠤᠨ ᠭᠠᠷᠠᠭ ᠤᠨ | ᠬᠡᠪᠯᠡᠯ ᠪᠤᠶᠤ ᠵᠠᠷᠢᠮ ᠦᠶ᠎ᠡ ᠶᠢᠨ ᠨᠡᠮᠡᠯᠳᠡ ᠲᠤᠰᠬᠠᠢ ᠨᠢᠭᠤᠷ ᠤᠨ ᠬᠡᠪᠯᠡᠯ ᠢ ᠪᠤᠳᠤᠪᠠᠯ ᠨᠢᠭᠡ ᠵᠢᠯ ᠳᠤ 50 ᠰᠢᠬᠠᠮ | ᠬᠤᠭᠤᠴᠠᠭ᠎ᠠ ᠶᠢᠨ ᠰᠤᠨᠢᠨ ᠬᠡᠪᠯᠡᠭᠳᠡᠵᠦ ᠪᠠᠶᠢᠪᠠ᠃ ᠨᠢᠭᠡ ᠨᠢᠭᠤᠷ ᠤᠨ ᠬᠠᠷᠢᠭᠤᠴᠠᠭᠰᠠᠨ ᠨᠠᠶᠢᠷᠠᠭᠤᠯᠤᠭᠴᠢ ᠶᠢᠨ | ᠭᠠᠷ ᠢᠶᠠᠷ ᠵᠢᠯ ᠳᠤ 10 ᠲᠦᠮᠡᠨ ᠦᠰᠦᠭ ᠪᠦᠬᠦᠢ ᠰᠤᠨᠢᠨ ᠨᠠᠶᠢᠷᠠᠭᠤᠯᠤᠭᠳᠠᠵᠤ ᠪᠠᠶᠢᠬᠰᠠᠨ ᠪᠠᠶᠢᠨ᠎ᠠ᠃ ᠢᠩᠬᠢᠵᠦ | ᠪᠤᠳᠤᠬᠤ ᠪᠠᠷ 20 ᠵᠢᠯ ᠳᠤ 200 ᠲᠦᠮᠡᠨ ᠦᠰᠦᠭ ᠤᠨ ᠡᠬᠡ ᠪᠢᠴᠢᠭ ᠨᠠᠶᠢᠷᠠᠭᠤᠯᠵᠤ᠂ ᠰᠡᠬᠦᠯ ᠤᠨ ᠨᠠᠢᠮᠠᠨ | ᠵᠢᠯ ᠤᠨ 4 ᠵᠦᠰᠦᠮ ᠤᠨ ᠶᠡᠭᠡ ᠬᠡᠪᠳᠦ ᠰᠤᠨᠢᠨ ᠤ ᠨᠢᠭᠡᠯᠡ ᠨᠢᠭᠤᠷ ᠲᠤ ᠡᠬᠡ ᠪᠢᠴᠢᠭ ᠤᠨ ᠦᠰᠦᠭ ᠤᠨ ᠲᠤᠭ᠎ᠠ | 4000 ᠢᠯᠡᠭᠦᠦ ᠦᠷᠦᠭᠳᠡᠬᠦ ᠪᠤᠯᠤᠬᠰᠠᠨ ᠢᠶᠠᠷ ᠵᠢᠯ ᠳᠤ ᠨᠢᠭᠡ ᠨᠢᠭᠤᠷ ᠤᠨ ᠬᠠᠷᠢᠭᠤᠴᠠᠭᠰᠠᠨ ᠨᠠᠶᠢᠷᠠᠭᠤᠯᠤᠭᠴᠢ ᠶᠢᠨ | ᠭᠠᠷ ᠢᠶᠠᠷ 20 ᠲᠦᠮᠡᠨ ᠦᠰᠦᠭ ᠤᠨ ᠡᠬᠡ ᠪᠢᠴᠢᠭ ᠨᠠᠶᠢᠷᠠᠭᠤᠯᠤᠭᠳᠠᠵᠤ᠂ 8 ᠵᠢᠯ ᠳᠤ 160 ᠲᠦᠮᠡᠨ ᠦᠰᠦᠭ | ᠪᠠᠷᠯᠠᠭᠳᠠᠵᠤ ᠤᠩᠰᠢᠬᠴᠢ ᠲᠦᠮᠡᠨ ᠳᠤ ᠬᠦᠷᠳᠡᠭᠡᠯ ᠪᠤᠯᠵᠤ ᠢᠷᠡᠭᠰᠡᠨ ᠪᠠᠶᠢᠨ᠎ᠠ᠃ ᠡᠳᠡᠭᠡᠷ ᠵᠢᠯ ᠳᠤ ᠲᠤᠵᠢ | ᠭᠤᠷᠪᠠᠳᠤᠭᠠᠷ ᠨᠢᠭᠤᠷ ᠤᠨ ᠨᠠᠶᠢᠷᠠᠭᠤᠯᠤᠭᠴᠢ ᠪᠠᠶᠢᠬᠰᠠᠨ ᠢᠶᠠᠷ ᠮᠢᠨᠦ ᠭᠠᠷ ᠢᠶᠠᠷ 360 ᠲᠦᠮᠡᠨ ᠦᠰᠦᠭ | ᠴᠤᠭᠴᠠᠯᠠᠭᠳᠠᠵᠤ ᠢᠷᠡᠭᠰᠡᠨ ᠭᠡᠵᠦ ᠨᠠᠷᠢᠨ ᠲᠠᠩᠰᠠ ᠪᠤᠳᠤᠵᠤ ᠦᠵᠡᠭᠡᠳ ᠭᠠᠶᠢᠬᠠᠵᠤ ᠠᠪᠤᠪᠠ᠃ | ᠰᠤᠨᠢᠨ ᠤ ᠨᠢᠭᠤᠷ ᠤᠨ ᠲᠤᠬᠢᠷᠠᠭᠤᠯᠤᠯᠳᠠ ᠳᠤ ᠪᠠᠰᠠᠴᠤ ᠡᠬᠡ ᠪᠢᠴᠢᠭ ᠤᠨ ᠠᠭᠤᠯᠭ᠎ᠠ ᠶᠢᠨ ᠭᠦᠨᠴᠡ | ᠬᠦᠨᠳᠦᠴᠡ᠂ ᠦᠭᠡ ᠦᠰᠦᠭ ᠤᠨ ᠲᠤᠭ᠎ᠠ᠂ ᠵᠤᠬᠢᠶᠠᠯ ᠤᠨ ᠭᠠᠷᠴᠠᠭ ᠢ ᠨᠢᠭᠡ ᠤᠳᠠᠰᠤᠨ ᠲᠡᠭᠡᠷ᠎ᠡ ᠲᠠᠭᠠᠷᠠᠬᠤ ᠠᠴᠠ | ᠵᠠᠶᠢᠯᠠᠰᠬᠢᠬᠦ᠂ ᠪᠤᠯᠤᠩ ᠤᠨ ᠪᠠᠭᠳᠠᠭᠠᠮᠵᠢ᠂ ᠨᠢᠭᠤᠷ ᠤᠨ ᠬᠡᠪ ᠵᠤᠬᠢᠮᠵᠢᠳᠠᠢ᠂ ᠦᠵᠡᠮᠦᠷᠢ ᠲᠠᠢ ᠵᠡᠷᠭᠡ ᠲᠠᠯ᠎ᠠ ᠪᠠᠷ | ᠪᠤᠳᠤᠯᠬᠢᠯᠠᠬᠰᠠᠨ ᠤᠷᠢᠳᠠᠯ ᠲᠤᠤᠷ᠎ᠠ ᠴᠡᠭ ᠲᠤᠰᠤᠯ ᠢ ᠮᠦᠷ ᠤᠨ ᠡᠬᠢᠨ ᠳᠤ ᠤᠷᠤᠭᠤᠯᠬᠤ ᠦᠬᠡᠢ ᠪᠠᠶᠢᠬᠤ ᠮᠡᠳᠦ ᠶᠢᠨ | ᠬᠠᠮᠤᠭ ᠨᠠᠭᠠᠳᠤ ᠵᠠᠬ᠎ᠠ ᠶᠢᠨ ᠠᠰᠠᠭᠤᠳᠠᠯ ᠢ ᠴᠤ ᠰᠢᠢᠳᠪᠦᠷᠢᠯᠡᠬᠦ ᠬᠡᠷᠡᠭᠳᠡᠢ ᠪᠠᠶᠢᠳᠠᠭ᠃ | ᠠᠳᠡ ᠬᠦᠷᠳᠡᠯ᠎ᠡ ᠡᠷᠭᠢᠴᠡᠭᠦᠯᠬᠦ ᠪᠠᠷ ᠦᠭᠡ ᠦᠰᠦᠭ ᠯᠦᠭᠡ ᠦᠭᠦᠯᠡᠯᠳᠦᠨ ᠦᠵᠦᠭ ᠪᠢᠷ ᠬᠤᠷᠤᠶᠢᠯᠠᠵᠤ | ᠢᠷᠡᠭᠰᠡᠨ ᠬᠡᠮᠡᠷ ᠲᠦᠷᠦᠭᠳᠡᠯ ᠤᠷᠤᠵᠤ᠂ ᠨᠠᠶᠢᠷᠠᠭᠤᠯᠤᠬᠴᠢ ᠪᠤᠶᠤ ᠰᠤᠷᠪᠤᠯᠵᠢᠯᠠᠬᠴᠢ ᠭᠡᠬᠦ ᠨᠡᠷ᠎ᠡ ᠳᠡᠭᠡᠨ | ᠤᠰᠤᠯᠳᠠᠭᠰᠠᠨ ᠦᠭᠡᠢ ᠬᠡᠮᠡᠨ ᠴᠤᠬᠤᠰ ᠪᠤᠳᠤᠬᠤ ᠶᠢᠨ ᠲᠠᠭᠠᠤ ᠦᠰᠦᠭ ᠪᠢᠴᠢᠭ ᠤᠨ ᠰᠤᠶᠤᠷᠬᠠᠯ᠂ ᠦᠵᠦᠭ | ᠪᠢᠷ ᠤᠨ ᠰᠤᠷᠢᠶ᠎ᠠ ᠪᠤᠯᠤᠬᠰᠠᠨ᠂ ᠦᠭᠡᠷᠡᠴᠢᠯᠡᠯᠳᠡ ᠨᠡᠭᠡᠭᠡᠯᠳᠡ ᠴᠢᠯᠦᠭᠡᠳᠦ ᠶᠠᠪᠤᠯᠴᠠᠭ᠎ᠠ ᠶᠢᠨ ᠵᠤᠷᠢᠭ ᠰᠠᠨᠠᠭ᠎ᠠ᠂ ᠴᠠᠭ | ᠦᠶ᠎ᠡ ᠶᠢᠨ ᠭᠤᠤᠯ ᠬᠦᠭ ᠠᠶᠠᠰ ᠢ ᠴᠤᠤᠷᠢᠶᠠᠳᠤᠨ᠂ ᠨᠡᠶᠢᠬᠡᠮ ᠲᠡᠦᠬᠡ ᠶᠢᠨ ᠨᠢᠬᠡᠨ ᠶᠤᠰᠤᠨ ᠤ ᠡᠭᠦᠷᠭᠡ | ᠬᠠᠷᠢᠭᠤᠴᠠᠯᠭ᠎ᠠ ᠪᠠᠨ ᠭᠦᠢᠴᠡᠳᠭᠡᠭᠰᠡᠨ ᠬᠠᠮᠤᠭ ᠤᠨ ᠬᠠᠶᠢᠷᠠᠳᠤ ︽ᠠᠷᠦ ᠬᠤᠷᠴᠢᠨ ᠰᠤᠨᠢᠨ︾ ᠳᠠᠭᠠᠨ ᠲᠠᠯᠠᠷᠬᠠᠨ | ᠲᠠᠯᠠᠷᠬᠠᠬᠤ ᠦᠬᠡᠢ ᠪᠠᠶᠢᠵᠤ ᠦᠯᠦ ᠪᠤᠯᠬᠤ ᠶᠢ ᠤᠬᠠᠪᠠ᠃ | ᠦᠨᠥ ᠪᠢ ᠪᠠᠰᠠ ᠹᠠᠨ ᠰᠢᠶᠤᠤ ᠴᠢᠩ ᠤᠨ ︽ᠨᠤᠳᠤᠭ ᠤᠰᠠᠳᠤᠭᠰᠠᠨ ᠲᠡᠮᠳᠡᠭᠯᠡᠯ ︵灭籍记︶︾ | ᠭᠡᠬᠦ ᠵᠤᠬᠢᠶᠠᠯ ᠳᠠᠬᠢ ︽ ᠴᠠᠭᠠᠰᠤ — ᠨᠤᠳᠤᠭ — ᠪᠡᠶ᠎ᠡ ᠶᠢᠨ ᠭᠠᠷᠤᠯ︾ ᠭᠤᠷᠪᠠ ᠶᠢᠨ ᠭᠤᠷᠮᠤᠰᠤᠨ | ᠬᠠᠷᠢᠴᠠᠭ᠎ᠠ ᠶᠢᠨ ᠲᠤᠭᠤᠷᠢᠨ ᠳᠤ ᠭᠤᠷᠪᠠᠨ ᠦᠶ᠎ᠡ ᠶᠢᠨ ᠬᠦᠮᠦᠨ ᠤ ︽ᠴᠠᠭᠠᠰᠤ︾ ᠡᠷᠢᠬᠦ ᠬᠤᠪᠢ ᠵᠠᠶᠠᠭ᠎ᠠ ᠶᠢ | ᠪᠢᠴᠢᠭᠰᠡᠨ ᠢ ᠰᠠᠨᠠᠮᠰᠠᠷ ᠦᠭᠡᠢ ᠪᠤᠳᠤᠭᠠᠳ ᠤᠯᠪᠠ᠃ ᠡᠨᠡ ᠬᠡᠰᠡᠭ ᠴᠠᠭᠠᠰᠤ ᠨᠢ ᠥᠭᠡᠷ᠎ᠡ ᠬᠡᠳᠦᠨ ᠨᠡᠷᠡᠶᠢᠳᠦᠯ ︽ | ᠦᠷᠡᠴᠢᠯᠡᠨ ᠲᠡᠵᠢᠭᠡᠬᠦ ᠭᠡᠷ᠎ᠡ᠂ ᠭᠡᠷ ᠬᠦᠷᠦᠩᠭᠡ ᠶᠢᠨ ᠭᠡᠷ᠎ᠡ᠂ ᠲᠠᠩᠰᠠ ᠡᠪᠬᠡᠮᠡᠯ᠂ ᠲᠠᠨᠢᠯᠴᠠᠭᠤᠯᠭ᠎ᠠ ᠶᠢᠨ ᠪᠢᠴᠢᠭ᠂ | ᠡᠷᠦᠬᠡ ᠠᠮᠠ ᠶᠢᠨ ᠲᠠᠩᠰᠠ︾ ᠭᠡᠰᠡᠨ ᠤᠯᠠᠨ ᠠᠭᠤᠯᠬᠤᠨ ᠢᠶᠠᠷ ᠵᠤᠬᠢᠶᠠᠯ ᠤᠨ ᠦᠢᠯᠡ ᠶᠠᠪᠤᠳᠠᠯ ᠢ ᠬᠡᠯᠬᠢᠭᠰᠡᠨ | ᠪᠠᠶᠢᠪᠠ᠃ ᠵᠤᠬᠢᠶᠠᠬᠴᠢ ︽ᠬᠠᠭᠤᠳᠠᠰᠤ ᠴᠠᠭᠠᠰᠤ︾ ᠶᠢᠨ ᠬᠦᠮᠦᠨ ᠳᠤ ᠦᠵᠡᠬᠦᠯᠬᠦ ᠬᠦᠨᠳᠦ ᠴᠢᠨᠠᠷ ᠤᠨ ᠲᠤᠬᠠᠢ᠄ ︽ | ᠪᠢᠳᠡ ᠬᠡᠳᠦᠶᠢᠪᠡᠷ ᠬᠠᠭᠤᠳᠠᠰᠤ ᠴᠠᠭᠠᠰᠤ ᠨᠢ ᠨᠢᠭᠡ ᠬᠦᠮᠦᠨ ᠢ ᠤᠷᠤᠯᠠᠵᠤ ᠲᠡᠶᠢᠯᠬᠦ ᠦᠭᠡᠢ ᠶᠢ᠂ ᠮᠦᠨ ᠨᠢᠭᠡ | ᠰᠠᠭᠤᠷᠢ ᠪᠠᠶᠢᠰᠢᠩ ᠲᠠᠢ ᠲᠡᠩᠴᠡᠬᠦ ᠦᠬᠡᠢ ᠶᠢ ᠮᠡᠳᠡᠬᠦ ᠪᠤᠯᠪᠠᠴᠤ ᠬᠡᠷᠪᠡ ᠡᠨᠡ ᠬᠡᠰᠡᠭ ᠴᠠᠭᠠᠰᠤ ᠪᠠᠶᠢᠬᠤ ᠦᠭᠡᠢ ᠳᠤ | ᠬᠦᠷᠪᠡᠯ᠂ ᠴᠢ ᠬᠡᠨ ᠭᠡᠳᠡᠭ ᠡᠰᠡᠬᠦᠯ᠎ᠡ ᠬᠡᠨ ᠪᠢᠰᠢ ᠭᠡᠳᠡᠭ ᠢ᠂ ᠴᠢᠮ᠎ᠠ ᠳᠤ ᠭᠡᠷ ᠪᠠᠶᠢᠰᠢᠩ ᠲᠠᠢ ᠪᠤᠶᠤ ᠦᠭᠡᠢ | ᠡᠰᠡᠬᠦ ᠶᠢ ᠬᠡᠨ ᠴᠤ ᠬᠡᠯᠡᠭᠡᠳ ᠪᠤᠯᠬᠤ ᠶᠠᠭᠤᠮ᠎ᠠ ᠪᠢᠰᠢ᠂ ᠡᠨᠡ ᠬᠡᠰᠡᠭ ᠴᠠᠭᠠᠰᠤ ᠯᠡ ᠬᠡᠯᠡᠪᠡᠯ ᠪᠤᠯᠬᠤ ᠨᠢ ᠲᠡᠷᠡ︾ | ᠭᠡᠵᠦ ︽ᠬᠠᠭᠤᠳᠠᠰᠤ ᠴᠠᠭᠠᠰᠤ ᠶᠢᠨ ᠬᠦᠴᠦᠨ ᠴᠢᠳᠠᠯ ︾ ᠢ ᠯᠠᠪᠰᠢᠷᠠᠭᠤᠯᠤᠨ ᠦᠭᠦᠯᠡᠭᠰᠡᠨ ᠪᠠᠶᠢᠳᠠᠭ᠃ ︽ᠨᠤᠳᠤᠭ | ᠤᠰᠠᠳᠤᠬᠰᠠ ᠲᠡᠮᠳᠡᠭᠯᠡᠯ︾ ᠭᠡᠬᠦ ᠵᠤᠬᠢᠶᠠᠯ ᠤᠨ ᠦᠨ᠎ᠡ ᠦᠷᠳᠡᠭ ᠨᠢ ᠬᠠᠭᠤᠳᠠᠰᠤ ᠴᠠᠭᠠᠰᠤᠨ ᠤ ᠬᠦᠴᠦᠨ | ᠴᠢᠳᠠᠯ ᠳᠤ ᠨᠢᠭᠤᠬᠳᠠᠵᠤ ᠪᠤᠢ ᠠᠵᠠᠢ᠃ | ᠬᠠᠭᠤᠳᠠᠰᠤ ᠬᠡᠵᠦ ᠶᠠᠭᠤ ᠪᠤᠢ︖ ᠬᠠᠷᠠᠭᠠᠨ ᠰᠡᠷᠡᠯ ᠳᠤ ᠦᠷᠳᠦᠵᠦ ᠬᠤᠯᠠ ᠤᠶᠢᠷ᠎ᠠ ᠶᠢ ᠰᠡᠳᠬᠢᠭᠦᠯᠳᠡᠭ | ᠬᠤᠵᠢᠮ ᠤᠨ ᠬᠦᠮᠦᠨ ᠵᠤᠨ ᠳᠤ ᠬᠠᠳᠠᠭᠠᠯᠠᠭᠳᠠᠵᠤ ᠦᠯᠡᠳᠡᠬᠦ ᠦᠰᠦᠭ ᠪᠢᠴᠢᠭ ᠤᠨ ᠲᠡᠮᠳᠡᠭᠯᠡᠭᠡᠰᠦ ᠠᠵᠠᠢ᠃ | ᠡᠷᠭᠢᠴᠡᠭᠦᠯᠦᠯ ᠭᠡᠵᠦ ᠶᠠᠭᠤ ᠪᠤᠢ︖ ᠲᠤᠬᠠᠢ ᠶᠢᠨ ᠴᠠᠭ ᠤᠨ ᠤᠨ ᠤᠨ ᠤ ᠤᠴᠢᠷ᠂ ᠴᠠᠭ ᠴᠠᠭ ᠤᠨ ᠮᠡᠳᠡᠭᠡ᠂ | ᠨᠠᠮ ᠲᠦᠷᠦ᠂ ᠵᠠᠰᠠᠭ ᠵᠠᠬᠢᠷᠭ᠎ᠠ᠂ ᠨᠡᠶᠢᠬᠡᠮ ᠠᠬᠤᠢ᠂ ᠬᠦᠮᠦᠨ ᠠᠷᠠᠳ᠂ ᠦᠨᠳᠦᠰᠦᠳᠡᠨ ᠤᠭᠰᠠᠭᠠᠳᠠᠨ ᠤ ᠲᠡᠦᠬᠡ | ᠰᠤᠶᠤᠯ᠂ ᠵᠠᠩ ᠦᠢᠯᠡ᠂ ᠪᠠᠶᠢᠭᠠᠯᠢ ᠤᠷᠴᠢᠨ᠂ ᠦᠢᠯᠡᠳᠪᠦᠷᠢᠯᠡᠯ ᠠᠮᠢᠳᠤᠷᠠᠯ ᠭᠡᠳ ᠤᠯᠠᠨ ᠬᠦᠷᠢᠶ᠎ᠡ ᠴᠠᠷ᠎ᠠ ᠶᠢ | ᠬᠠᠮᠤᠷᠤᠭᠰᠠᠨ ᠮᠡᠳᠡᠭᠡ ᠰᠡᠯᠳᠡ ᠶᠢᠨ ᠡᠪᠬᠡᠭᠡᠰᠦ ᠶᠤᠮ᠃ | ᠤᠩᠰᠢᠬᠴᠢ ᠶᠢᠨ ᠬᠠᠷᠠᠭᠠᠨ ᠳᠤ ᠡᠨᠡ ᠡᠬᠡ ᠪᠢᠴᠢᠭ ᠴᠠᠭᠠᠰᠤᠨ ᠲᠡᠭᠡᠷᠡᠬᠢ ᠦᠰᠦᠭ ᠪᠢᠰᠢ ᠸᠢᠴᠠᠲ | ᠲᠠᠪᠴᠠᠩ ᠢᠶᠠᠷ ᠬᠦᠷᠴᠦ ᠪᠠᠶᠢᠭ᠎ᠠ ᠶᠢ ᠪᠢᠳᠡ ᠠᠨᠳᠠᠬᠤ ᠦᠬᠡᠢ᠃ ᠡᠶᠢᠨᠬᠦ ᠰᠤᠨᠢᠨ ᠬᠡᠪᠯᠡᠯ ᠮᠠᠨᠢ ᠰᠢᠨ᠎ᠡ ᠵᠠᠭᠤᠴᠢᠯᠠᠭᠤᠷ | ᠯᠤᠭ᠎ᠠ ᠵᠤᠯᠭᠠᠯᠴᠠᠨ ᠬᠠᠭᠤᠳᠠᠰᠤ ᠦᠷᠬᠦᠯᠵᠢᠯᠡᠭᠰᠡᠭᠡᠷ ᠂ ᠦᠷᠬᠦᠯᠵᠢᠯᠡᠭᠰᠡᠭᠡᠷ ᠁ ︵ᠣᠷᠠᠨᠲ᠋ᠠᠨᠠ︶ | |