ᠡᠭᠡᠯ ᠵᠢᠷ ᠤᠨ ᠠᠵᠢᠯᠯᠠᠬᠤ ᠠᠩᠬᠢ ᠶᠢᠨ ᠭᠡᠰᠢᠬᠦᠨ ᠤ ᠡᠭᠡᠯ ᠪᠤᠰᠤ ᠤᠶᠢᠯᠡ ᠠᠵᠢᠯᠯᠠᠭ᠎ᠠ
ᠨᠡᠶᠢᠲᠡᠯᠡᠭᠰᠡᠨ ᠴᠠᠭ᠄
2020/6/9
       ᠡᠭᠡᠯ ᠵᠢᠷ ᠤᠨ ᠠᠵᠢᠯᠯᠠᠬᠤ ᠠᠩᠬᠢ ᠶᠢᠨ ᠭᠡᠰᠢᠬᠦᠨ ᠤ ᠡᠭᠡᠯ ᠪᠤᠰᠤ ᠤᠶᠢᠯᠡ ᠠᠵᠢᠯᠯᠠᠭ᠎ᠠ                          — ᠪᠠᠯᠴᠢᠷᠤᠳ ᠰᠤᠮᠤ  ᠶᠢᠨ ᠮᠤᠭᠠᠶᠢᠳᠤ  ᠭᠠᠴᠠᠭᠠᠨ ᠤ ᠠᠵᠢᠯᠯᠠᠬᠤ                              ᠠᠩᠬᠢ   ᠶᠢᠨ  ᠭᠡᠰᠢᠬᠦᠨ  ᠠᠯᠢᠮ᠎ᠠ   ᠶᠢ  ᠲᠡᠮᠳᠡᠭᠯᠡᠪᠠ              ᠶᠠᠳᠠᠭᠤ ᠠᠴᠠ ᠠᠩᠬᠢᠵᠢᠷᠠᠭᠤᠯᠬᠤ ᠪᠠᠷᠭᠡ ᠶᠢ ᠲᠤᠭᠤᠯᠬᠤ ᠪᠤᠯ ᠤᠳᠤᠬᠠᠨ ᠤ ᠲᠠᠷᠢᠬᠦᠨ ᠴᠢᠬᠤᠯᠠ ᠠᠰᠠᠭᠤᠳᠠᠯ ᠪᠦᠬᠡᠳ ᠮᠠᠰᠢ ᠶᠡᠭᠡ ᠬᠠᠷᠢᠭᠤᠴᠠᠯᠭ᠎ᠠ ᠬᠦᠢᠴᠡᠳᠭᠡᠬᠦ᠂ ᠮᠠᠰᠢ ᠶᠡᠭᠡ ᠬᠦᠴᠤ ᠴᠢᠳᠠᠪᠤᠷᠢ ᠭᠠᠷᠭᠠᠬᠤ ᠭᠡᠷᠡᠭᠳᠡᠢ ᠠᠵᠢᠯ ᠪᠠᠶᠢᠭ᠎ᠠ ᠶᠤᠮ᠃ ᠡᠨᠡᠬᠦ ᠴᠢᠬᠤᠯᠠ ᠶᠡᠭᠡ ᠲᠠᠶᠢᠯᠠᠯᠳᠤᠭᠠᠨ ᠤ ᠢᠯᠠᠯᠳᠠ ᠶᠢ ᠲᠠᠮᠠᠴᠠᠨ ᠤᠯᠬᠤ ᠳᠤ ᠬᠦᠮᠤᠨ ᠪᠤᠯ ᠭᠤᠤᠯᠳᠠᠯᠭ᠎ᠠ ᠪᠤᠯᠤᠨ᠎ᠠ᠃      ᠠᠷᠤ ᠬᠤᠷᠴᠢᠨ ᠬᠤᠰᠢᠭᠤᠨ ᠤ ᠶᠠᠳᠠᠭᠤ ᠠᠴᠠ ᠠᠩᠬᠢᠵᠢᠷᠠᠭᠤᠯᠬᠤ ᠪᠠᠷᠭᠡ ᠶᠢ ᠲᠤᠭᠤᠯᠬᠤ ᠲᠠᠶᠢᠯᠠᠯᠳᠤᠭᠠᠨ ᠨᠢ ᠡᠷᠴᠢ ᠬᠦᠴᠤ ᠲᠠᠢ ᠶᠠᠪᠤᠭᠳᠠᠵᠤ᠂ ᠨᠢᠭᠡ ᠪᠦᠯᠦᠭ ᠲᠠᠷᠢᠬᠦᠨ ᠤ ᠨᠠᠶᠢᠳᠡᠯᠢᠭ ᠵᠢᠱᠢᠶ᠎ᠠ ᠴᠤᠯᠭᠤᠷᠠᠨ ᠭᠠᠷᠴᠤ᠂ ᠲᠠᠳᠠᠨᠤᠰ ᠤᠨ ᠲᠠᠷᠡᠬᠦ ᠡᠷᠡᠰ ᠬᠠᠳᠠᠨ ᠵᠤᠷᠢᠭ ᠰᠢᠭᠤᠳᠤᠯ ᠬᠢᠭᠡᠳ ᠤᠶᠢᠯᠡ ᠠᠵᠢᠯᠯᠠᠭ᠎ᠠ ᠨᠢ ᠬᠦᠮᠤᠰ ᠤᠨ ᠰᠡᠳᠬᠢᠯ  ᠤᠨ ᠬᠦᠪᠴᠢ ᠶᠢ ᠲᠤᠷᠬᠢᠭᠤᠯᠤᠨ ᠴᠢᠪᠬᠠᠳᠠᠵᠤ᠂ ᠲᠠᠶᠢᠯᠠᠯᠳᠤᠭᠠᠨ ᠤ ᠢᠯᠠᠯᠳᠠ ᠶᠢᠨ ᠤᠷᠠᠢ ᠲᠠᠭᠤᠨ ᠪᠤᠯᠤᠨ ᠴᠤᠤᠷᠢᠶᠠᠳᠤᠵᠤ ᠪᠠᠶᠢᠨ᠎ᠠ᠃      ᠠᠷᠤ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ ᠤᠨ ᠪᠠᠯᠴᠢᠷᠤᠳ ᠰᠤᠮᠤ ᠶᠢᠨ ᠮᠤᠭᠠᠶᠢᠳᠤ ᠭᠠᠴᠠᠭ᠎ᠠ ᠳᠤ ᠰᠠᠭᠤᠭ᠎ᠠ ᠠᠵᠢᠯᠯᠠᠬᠤ ᠲᠤᠭᠤᠶᠢᠯᠠᠩ ᠤᠨ ᠭᠡᠰᠢᠬᠦᠨ ᠠᠯᠢᠮ᠎ᠠ ᠪᠤᠯ ᠲᠡᠳᠡᠭᠡᠷ ᠤᠨ ᠲᠤᠳᠤᠷᠠᠬᠢ ᠨᠢᠭᠡ ᠨᠠᠶᠢᠳᠡᠯᠢᠭ ᠲᠠᠷᠢᠬᠦᠨ ᠤ ᠵᠢᠱᠢᠶ᠎ᠠ ᠪᠤᠯᠤᠨ᠎ᠠ᠃      ᠠᠯᠢᠮ᠎ᠠ ᠪᠤᠯ 2013 ᠤᠨ ᠳᠤ ᠤᠤᠯ ᠤᠨ ᠠᠷᠤ ᠬᠤᠷᠴᠢᠨ ᠬᠤᠰᠢᠭᠤᠨ ᠰᠤᠨᠢᠨ ᠤ ᠬᠤᠷᠢᠶ᠎ᠠ ᠳᠤ ᠡᠬᠢᠯᠠᠨ ᠠᠵᠢᠯ ᠤᠨ ᠭᠠᠷᠤᠭ᠎ᠠ ᠠᠪᠤᠭᠰᠠᠨ ᠪᠠᠶᠢᠭ᠎ᠠ᠃ ᠲᠤᠬᠠᠶᠢᠯᠠᠭᠰᠠᠨ ᠠᠵᠢᠯ ᠳᠠᠭᠠᠨ ᠬᠠᠷᠢᠭᠤᠴᠠᠯᠭ᠎ᠠ ᠲᠠᠢ ᠨᠠᠷᠢᠨ ᠨᠢᠮᠪᠠᠢ ᠲᠠᠷᠠ ᠪᠠᠷ ᠪᠠᠶᠢᠭᠤᠯᠭ᠎ᠠ ᠨᠢᠭᠡᠴᠠ ᠶᠢᠨ ᠢᠶᠠᠨ ᠵᠠᠯᠠᠭᠤᠴᠤᠳ ᠴᠦᠭᠡᠨ᠂ ᠶᠠᠳᠠᠭᠤ ᠠᠴᠠ ᠠᠩᠬᠢᠵᠢᠷᠠᠭᠤᠯᠬᠤ ᠪᠠᠷᠭᠡ ᠶᠢ ᠲᠤᠭᠤᠯᠬᠤ ᠲᠠᠶᠢᠯᠠᠯᠳᠤᠭᠠᠨ ᠤ ᠦᠨᠳᠤᠰᠤᠨ ᠱᠠᠳᠤᠨ ᠳᠤ ᠪᠠᠭᠤᠬᠤ ᠲᠤᠬᠢᠷᠠᠮᠵᠢᠳᠠᠢ ᠬᠦᠮᠤᠨ ᠦᠭᠡᠢ ᠵᠠᠩᠬᠢᠯᠠᠭ᠎ᠠ ᠶᠢᠨ ᠴᠠᠭ ᠦᠶ᠎ᠡ ᠳᠤ ᠲᠡᠷᠡ ᠦᠪᠠᠷ ᠤᠨ ᠰᠠᠶᠢᠨ ᠲᠤᠷ᠎ᠠ ᠠᠴᠠ ᠪᠠᠨ 2018 ᠤᠨ ᠤ 8 ᠰᠠᠷ᠎ᠠ ᠳᠤ ᠪᠠᠯᠴᠢᠷᠤᠳ ᠰᠤᠮᠤ  ᠶᠢᠨ ᠮᠤᠭᠠᠶᠢᠳᠤ ᠭᠠᠴᠠᠭᠠᠨ ᠳᠤ ᠤᠴᠢᠵᠤ ᠠᠵᠢᠯᠯᠠᠬᠤ ᠲᠤᠭᠤᠶᠢᠯᠠᠩ ᠤᠨ ᠭᠡᠰᠢᠬᠦᠨ ᠢᠶᠠᠷ ᠰᠠᠭᠤᠭᠰᠠᠨ ᠶᠤᠮ᠃      ᠲᠠᠷᠠ ᠭᠠᠴᠠᠭᠠᠨ ᠳᠤ ᠰᠠᠭᠤᠭᠰᠠᠨ ᠠᠴᠠ ᠨᠠᠰᠢ᠂ ᠤᠯᠠᠨ ᠤᠯᠠᠨ ᠬᠦᠴᠢᠷ ᠪᠠᠷᠭᠡ ᠶᠢᠨ ᠡᠮᠤᠨ᠎ᠠ ᠦᠴᠦᠭᠡᠨ ᠴᠦ ᠬᠤᠶᠢᠰᠢ ᠤᠬᠤᠷᠢᠯ ᠦᠭᠡᠢ᠂ ᠠᠵᠢᠯ ᠳᠠᠭᠠᠨ ᠢᠳᠡᠪᠬᠢᠯᠡᠨ ᠤᠷᠤᠵᠤ᠂ ᠤᠬᠤᠷᠬᠠᠨ ᠬᠤᠭᠤᠴᠠᠭᠠᠨ ᠤ ᠲᠤᠳᠤᠷ᠎ᠠ ᠦᠨᠳᠤᠰᠤᠨ ᠱᠠᠳᠤᠨ ᠤ ᠨᠢᠭᠡᠳᠦᠭᠡᠷ ᠤᠳᠠᠰᠤᠨ  ᠲᠡᠭᠡᠷ᠎ᠠ  ᠵᠤᠬᠢᠴᠠᠨ᠂  ᠰᠢᠨᠳᠠᠷᠠᠰᠢ  ᠦᠭᠡᠢ  ᠠᠵᠢᠯᠯᠠᠵᠤ  ᠢᠷᠡᠯ᠎ᠠ ᠁      ᠡᠪᠤᠯ ᠤᠨ ᠶᠢᠰᠤ ᠶᠢᠨ ᠬᠦᠢᠳᠡᠨ ᠤ ᠨᠢᠭᠡᠨ ᠡᠳᠤᠷ᠂ ᠲᠠᠷᠠ ᠲᠠᠭᠰᠢᠭᠤᠷᠳᠠᠵᠤ ᠬᠠᠯᠠᠭᠤᠷᠠᠵᠤ ᠪᠠᠶᠢᠬᠰᠠᠨ ᠴᠦ ᠠᠵᠢᠯ ᠡᠬᠦᠷᠭᠡ ᠪᠠᠨ ᠡᠷᠭᠡᠪᠰᠢ ᠲᠤᠭᠳᠠᠭᠰᠠᠨ ᠴᠠᠭ ᠲᠤᠨᠢ ᠬᠦᠢᠴᠡᠳᠭᠡᠬᠦ ᠪᠠᠷ ᠬᠦᠴᠤᠯᠠᠵᠤ᠂ ᠡᠳᠤᠷ ᠤᠨ ᠲᠤᠷᠰᠢ ᠭᠡᠯᠨ ᠲᠡᠭᠡᠷ᠎ᠠ ᠪᠠᠨ ᠶᠠᠭᠤᠮ᠎ᠠ ᠲᠠᠯᠪᠢᠭᠰᠠᠨ ᠦᠭᠡᠢ ᠶᠢᠨ ᠲᠡᠭᠡᠷ᠎ᠠ ᠦᠳᠠᠰᠢ ᠪᠤᠯᠬᠤ ᠳᠤ ᠤᠯᠠᠮ ᠶᠡᠭᠡᠪᠠᠷ ᠬᠠᠯᠠᠭᠤᠷᠠᠵᠤ ᠲᠠᠭᠵᠢᠨ ᠴᠡᠴᠡᠷᠠᠵᠤ᠂ ᠨᠤᠤᠰᠤᠨ ᠲᠠᠩᠽᠢ ᠨᠦᠮᠤᠷᠤᠨ ᠰᠦᠨᠢ ᠶᠢᠨ ᠰᠦᠨᠢ ᠪᠤᠯᠳᠠᠯ᠎ᠠ ᠠᠵᠢᠯᠯᠠᠵᠤ ᠪᠠᠶᠢᠵᠤ ᠠᠵᠢᠯ  ᠢᠶᠠᠨ ᠲᠠᠭᠤᠰᠬᠠᠪᠠ᠃ ᠭᠡᠳᠡᠯ᠎ᠠ ᠠᠵᠢᠯᠯᠠᠬᠤ ᠲᠤᠭᠤᠶᠢᠯᠠᠩ ᠤᠨ ᠬᠦᠮᠤᠨ ᠴᠦᠭᠡᠨ᠂ ᠡᠬᠦᠷᠭᠡ ᠪᠠᠴᠢᠮ ᠪᠤᠯᠬᠤᠷ ᠲᠠᠷᠠᠭ᠎ᠠ ᠡᠳᠤᠷ ᠨᠢ ᠲᠠᠷᠠ ᠮᠥᠨ ᠬᠠᠯᠠᠭᠤᠷᠠᠵᠤ ᠪᠠᠶᠢᠬᠰᠠᠨ ᠴᠦ ᠪᠤᠰᠤᠳ ᠨᠦᠬᠦᠳ ᠲᠠᠢ ᠪᠠᠨ ᠬᠠᠮᠳᠤ ᠡᠷᠦᠭᠡ ᠪᠤᠯᠭᠠᠨ ᠢᠶᠠᠷ ᠤᠷᠤᠵᠤ᠂ ᠠᠮᠢᠳᠤᠷᠠᠯ ᠤᠶᠢᠯᠠᠳᠪᠤᠷᠢᠯᠡᠯ ᠤᠨ ᠪᠠᠶᠢᠳᠠᠯ ᠢ ᠨᠢ ᠤᠶᠢᠯᠠᠭᠠᠨ᠂ ᠶᠠᠳᠠᠭᠤ ᠠᠴᠠ ᠠᠩᠬᠢᠵᠢᠷᠠᠭᠤᠯᠬᠤ ᠪᠠᠷᠭᠡ ᠶᠢ ᠲᠤᠭᠤᠯᠬᠤ ᠲᠦᠷᠤ ᠶᠢᠨ ᠪᠤᠳᠤᠯᠭ᠎ᠠ ᠬᠢᠭᠡᠳ ᠬᠠᠮᠢᠶ᠎ᠠ ᠪᠦᠬᠦᠢ ᠲᠦᠷᠢᠮ ᠲᠤᠭᠳᠠᠭᠠᠯ ᠢ ᠤᠬᠠᠭᠤᠯᠤᠨ ᠲᠠᠶᠢᠯᠪᠤᠷᠢᠯᠠᠬᠤ ᠪᠠᠨ ᠶᠠᠷᠤ ᠰᠠᠭᠠᠳᠠᠭ᠎ᠠ ᠦᠭᠡᠢ ᠪᠢᠯᠡ᠃      ᠦᠳᠠᠰᠢ ᠶᠢᠨ ᠬᠦᠰᠢᠭᠡ ᠪᠠᠭᠤᠵᠤ ᠠᠵᠢᠯ ᠤᠨ ᠴᠠᠭ ᠪᠢᠰᠢ ᠴᠦ ᠳ᠋ᠧᠩ ᠵᠤᠯᠠ ᠭᠡᠷᠡᠯᠳᠦᠬᠦᠯᠤᠨ᠂ ᠭᠠᠴᠠᠭᠠᠨ  ᠤ ᠶᠠᠳᠠᠭᠤ ᠶᠢ ᠲᠡᠳᠬᠦᠬᠦ ᠪᠦᠬᠦᠶᠢᠯᠡ ᠠᠵᠢᠯ ᠤᠨ ᠲᠠᠩᠰᠠ ᠡᠪᠭᠡᠮᠡᠯ ᠢ ᠲᠢᠭᠯᠡᠬᠦ ᠡᠮᠬᠢᠯᠡᠬᠦ ᠪᠦᠷᠢᠳᠭᠡᠬᠦ ᠪᠤᠯ ᠲᠡᠬᠦᠨ ᠤ ᠶᠠᠷᠤᠳᠠ ᠶᠢᠨ ᠵᠤᠷᠰᠢᠯ ᠪᠤᠯᠤᠨ᠎ᠠ᠃ ᠭᠤᠷᠪᠠᠨ ᠵᠢᠯ ᠰᠢᠬᠠᠮ ᠤᠨ ᠲᠤᠳᠤᠷ᠎ᠠ ᠲᠠᠷᠠ ᠬᠤᠪᠢᠨ ᠤ ᠶᠠᠪᠤᠳᠠᠯ ᠪᠠ ᠡᠪᠠᠳᠴᠢᠨ ᠤ ᠴᠢᠯᠦᠭᠡ ᠭᠡᠵᠤ ᠨᠢᠭᠡ ᠤᠳᠠᠭ᠎ᠠ ᠴᠦ ᠭᠡᠯᠡᠭᠰᠡᠨ ᠦᠭᠡᠢ᠃ ᠶᠠᠭ ᠦᠨᠠᠨ ᠢ ᠭᠡᠯᠡᠪᠠᠯ ᠲᠠᠷᠠ ᠤᠤᠯ ᠠᠴᠠ  ᠪᠠᠨ ᠬᠤᠳᠤᠭᠤᠳᠤ ᠮᠠᠭᠤ ᠪᠤᠯᠬᠤᠷ ᠬᠤᠭᠤᠯᠠ ᠪᠠᠰᠠ ᠪᠠᠭ᠎ᠠ ᠭᠤᠯᠤᠬᠤ ᠵᠠᠩ ᠲᠠᠢ ᠪᠠᠶᠢᠪᠠ᠃ ᠭᠡᠪᠡᠴᠤ ᠦᠨᠳᠤᠰᠤᠨ ᠱᠠᠳᠤᠨ ᠤ ᠪᠠᠶᠢᠳᠠᠯ ᠪᠠ ᠬᠠᠮᠳᠤ ᠨᠢᠭᠡᠴᠠ ᠶᠢᠨ ᠤᠷᠴᠢᠨ ᠲᠠᠢ ᠵᠤᠬᠢᠴᠠᠬᠤ ᠶᠢᠨ ᠲᠤᠯᠠᠳᠠ᠂ ᠲᠡᠷᠡ ᠦᠪᠠᠷ ᠤᠨ ᠲᠡᠷᠡᠬᠦ ᠢᠳᠡᠭᠡᠨ ᠤ ᠲᠤᠷᠠᠰᠢᠯ ᠪᠠ ᠠᠮᠢᠳᠤᠷᠠᠯ ᠤᠨ ᠲᠠᠳᠬᠠᠯ ᠢᠶᠠᠨ ᠴᠢᠷᠮᠠᠶᠢᠨ ᠦᠭᠡᠷᠡᠴᠢᠯᠡᠪᠠ᠃ ᠭᠠᠴᠠᠭ᠎ᠠ ᠳᠤ ᠰᠠᠭᠤᠭᠰᠠᠨ ᠨᠢᠭᠡ ᠵᠢᠯ ᠤᠨ ᠲᠤᠳᠤᠷᠠᠬᠢ ᠲᠡᠬᠦᠨ ᠤ ᠡᠳᠡᠭᠡᠷ ᠬᠤᠪᠢᠷᠠᠯᠳᠠ ᠶᠢ ᠨᠠᠶᠢᠵᠠ ᠨᠦᠬᠦᠳ ᠨᠢ ᠲᠠᠭᠤ ᠠᠯᠳᠠᠨ ᠭᠠᠶᠢᠬᠠᠬᠤ ᠶᠢᠨ ᠲᠠᠭᠠᠤ ᠤᠤᠯ ᠤᠨ ᠲᠠᠷᠡᠬᠦ ᠠᠶᠢᠯ ᠤᠨ ᠭᠠᠭᠴᠠ ᠡᠩᠬᠦᠷᠡᠶᠢᠭᠡᠨ ᠦᠬᠢᠨ ᠬᠠᠷᠢᠨ ᠦᠨᠤᠳᠤᠷ ᠤᠨ ︽ᠲᠠᠮᠤᠷ ᠭᠡᠤᠭᠡᠨ︾ ᠪᠤᠯᠴᠢᠬᠠᠵᠠᠢ ᠭᠡᠵᠤ ᠠᠮᠠ ᠪᠤᠯᠢᠶᠠᠯᠳᠤᠨ ᠶᠠᠷᠢᠵᠤ ᠪᠠᠶᠢᠯ᠎ᠠ᠃      ᠲᠠᠷᠠ ᠭᠡᠳᠤᠶᠢᠪᠠᠷ ᠨᠠᠰᠤ ᠵᠠᠯᠠᠭᠤ ᠴᠢᠰᠤ ᠰᠢᠩᠭᠡᠨ ᠴᠦ ᠬᠦᠳᠡᠭᠡ ᠲᠤᠰᠬᠤᠨ ᠳᠤ ᠰᠠᠭᠤᠵᠤ ᠠᠵᠢᠯᠯᠠᠬᠤ ᠶᠠᠪᠤᠴᠠ ᠳᠠᠭᠠᠨ ᠵᠤᠶᠢᠯ ᠵᠤᠶᠢᠯ ᠤᠨ ᠬᠦᠴᠢᠷ ᠪᠠᠷᠭᠡ ᠪᠠ ᠲᠦᠬᠦᠮ ᠦᠭᠡᠢ ᠪᠠᠶᠢᠳᠠᠯ ᠢ ᠢᠯᠠᠨ ᠲᠠᠪᠠᠵᠤ ᠲᠠᠶᠢᠯᠦᠭᠰᠡᠨ ᠪᠠᠶᠢᠨ᠎ᠠ᠃ ᠡᠬᠢᠯᠡᠮᠡᠭᠴᠠ ᠢᠳᠡᠵᠤ ᠤᠤᠭᠤᠬᠤ᠂ ᠤᠨᠳᠠᠵᠤ ᠠᠮᠠᠷᠠᠬᠤ᠂ ᠶᠠᠪᠤᠵᠤ ᠰᠠᠭᠤᠬᠤ ᠠᠴᠠ ᠡᠬᠢᠯᠡᠭᠡᠳ ᠠᠵᠢᠯ  ᠢᠶᠠᠨ ᠦᠷᠨᠢᠬᠦᠯᠬᠦ ᠳᠤ ᠪᠦᠷ ᠨᠦᠬᠦᠴᠡᠯ ᠬᠠᠩᠭᠠᠮᠵᠢᠳᠠᠢ ᠪᠢᠰᠢ ᠪᠠᠶᠢᠪᠠ᠃      ᠠᠮᠤᠷ ᠲᠦᠪᠰᠢᠨ ᠬᠢᠭᠡᠳ ᠡᠯ᠎ᠠ ᠲᠠᠯ᠎ᠠ ᠶᠢᠨ ᠪᠠᠶᠢᠳᠠᠯ ᠢ ᠪᠤᠳᠤᠯᠬᠢᠯᠠᠵᠤ ᠪᠠᠶᠢᠭᠤᠯᠭ᠎ᠠ ᠠᠴᠠ ᠡᠷᠡᠮᠠᠯᠵᠡᠯᠡᠵᠤ ᠵᠤᠬᠢᠶᠠᠨ ᠪᠠᠶᠢᠭᠤᠯᠤᠯᠳᠠ ᠶᠢᠨ ᠵᠦᠪᠰᠢᠶᠠᠷᠠᠯ ᠢᠶᠠᠷ ᠲᠠᠷᠠ ᠰᠤᠮᠤ ᠶᠢᠨ ᠵᠠᠰᠠᠭ ᠤᠨ ᠤᠷᠳᠤᠨ ᠤ ᠪᠠᠶᠢᠷᠢ ᠳᠤ ᠰᠠᠭᠤᠨ᠂ ᠡᠳᠤᠷ ᠪᠦᠷᠢ ᠠᠷᠪᠠᠭᠠᠳ ᠭᠠᠵᠠᠷ ᠤᠨ ᠵᠠᠢ ᠳᠠᠬᠢ ᠮᠤᠭᠠᠶᠢᠳᠤ ᠭᠠᠴᠠᠭᠠᠨ ᠳᠤ ᠵᠠᠮᠨᠠᠵᠤ ᠠᠵᠢᠯᠯᠠᠬᠤ ᠪᠠᠷ ᠪᠤᠯᠪᠠ᠃ ᠦᠷᠯᠦᠭᠡ ᠤᠷᠤᠢ ᠲᠤᠰᠴᠤ ᠬᠦᠷᠭᠡᠬᠦ ᠲᠦᠬᠦᠮ ᠦᠭᠡᠢ ᠨᠦᠬᠦᠴᠡᠯ ᠬᠢᠭᠡᠳ ᠴᠠᠭ ᠢᠶᠠᠨ ᠠᠷᠪᠢᠯᠠᠬᠤ ᠶᠢᠨ ᠲᠦᠯᠦᠭᠡ ᠲᠠᠷᠠ ᠰᠤᠮᠤᠨ ᠤ ᠲᠦᠪ ᠠᠴᠠ ᠬᠠᠮᠳᠤ ᠵᠠᠮᠨᠠᠳᠠᠭ ᠡᠭᠡᠴᠢ ᠲᠡᠬᠦᠤ ᠲᠠᠢ ᠪᠠᠨ ᠬᠤᠶᠠᠭᠤᠯᠠ ᠲᠤᠭᠤᠢ ᠲᠡᠷᠭᠡ ᠬᠤᠳᠠᠯᠳᠤᠨ ᠠᠪᠴᠤ ᠲᠤᠰᠬᠠᠢ ︽ᠤᠨᠤᠭ᠎ᠠ︾ ᠪᠤᠯᠭᠠᠪᠠ᠃      ᠵᠠᠮ ᠮᠦᠷ ᠲᠡᠭᠡᠨ ᠬᠠᠮᠤᠭ ᠠᠴᠠ ᠠᠶᠤᠬᠤ ᠨᠢ ᠠᠶᠢᠯ ᠤᠨ ᠨᠤᠬᠠᠳ ᠲᠠᠭᠠᠷᠠᠬᠤ ᠠᠴᠠ ᠠᠶᠤᠨ᠎ᠠ᠃ ᠲᠤᠭᠤᠢ  ᠪᠠᠷ ᠵᠠᠮᠨᠠᠭᠰᠠᠨ ᠤ ᠨᠢᠭᠡᠳᠤᠭᠡᠷ ᠡᠳᠤᠷ ᠲᠡᠷᠠ ᠡᠭᠡᠴᠢ ᠲᠡᠬᠦᠤ ᠲᠠᠢ ᠪᠠᠨ ᠬᠤᠶᠠᠭᠤᠯᠠ ᠤᠷᠭᠤᠬᠤ ᠨᠠᠷᠠ ᠲᠠᠢ ᠤᠷᠤᠯᠳᠤᠨ ᠪᠤᠰᠴᠤ ᠭᠠᠴᠠᠭᠠᠨ ᠲᠦᠪ ᠵᠦᠭ ᠢᠶᠠᠨ ᠨᠢᠰᠭᠡᠵᠤ ᠪᠠᠶᠢᠳᠠᠯ᠎ᠠ ᠪᠠᠷᠠᠭᠤᠨ ᠮᠤᠭᠠᠶᠢᠳᠤ ᠲᠤᠭᠤᠶᠢᠯᠠᠩ ᠪᠤᠯᠤᠨ ᠪᠦᠳᠦᠬᠦᠨ ᠮᠤᠳᠤ ᠲᠤᠭᠤᠶᠢᠯᠠᠩ ᠤᠨ ᠠᠶᠢᠯ ᠤᠨ ᠬᠤᠳᠠᠴᠢ ᠨᠤᠬᠠᠳ ᠲᠠᠭᠤ ᠬᠤᠭᠤᠯᠠᠢ ᠠᠪᠤᠯᠴᠠᠨ ᠬᠤᠶᠢᠨ᠎ᠠ ᠡᠮᠤᠨ᠎ᠠ ᠠᠷᠪᠠᠨ ᠭᠡᠳᠤᠨ ᠨᠤᠬᠠᠢ ᠲᠠᠢ ᠲᠠᠭᠠᠷᠠᠯᠳᠤᠵᠤ᠂ ᠲᠤᠭᠤᠢ ᠲᠠᠢ ᠪᠠᠨ ᠡᠰᠡᠯ᠎ᠡ ᠤᠶᠢᠴᠢᠵᠤ ᠵᠠᠮ ᠤᠨ ᠲᠠᠯᠠᠩ  ᠠᠴᠠ ᠦᠩᠬᠦᠷᠢᠳᠦᠬᠦ ᠰᠢᠬᠠᠪᠠ᠃ ᠲᠠᠶᠢᠨᠬᠦ ᠲᠠᠷᠠ ᠨᠤᠬᠠᠢ ᠰᠢᠪᠠᠭᠤ ᠶᠢ ᠰᠡᠷᠭᠡᠶᠢᠯᠡᠬᠦ ᠪᠠᠷ ᠪᠦᠳᠦᠬᠦᠨ ᠭᠡᠭᠴᠢ ᠮᠤᠳᠤᠨ ᠰᠢᠳᠠᠮ ᠤᠯᠵᠤ ᠲᠤᠭᠤᠢ ᠳᠠᠭᠠᠨ ᠠᠴᠢᠵᠤ ᠵᠠᠮᠨᠠᠳᠠᠭ ᠪᠤᠯᠤᠭᠰᠠᠨ ᠨᠢ ᠨᠢᠭᠡ ᠶᠤᠰᠤᠨ ᠤ ᠠᠶᠤᠩᠭᠤᠷᠢ ᠪᠠᠨ ᠲᠠᠷᠤᠬᠤ ᠤᠬᠠᠭᠠᠨ ᠭᠡᠯᠳᠡᠢ᠃      2018 ᠤᠨ ᠳᠤ ᠪᠦᠬᠦ ᠬᠤᠰᠢᠭᠤᠨ ᠤ ᠭᠠᠴᠠᠭ᠎ᠠ ᠲᠤᠰᠬᠤᠨ ᠳᠤ ᠰᠠᠭᠤᠭ᠎ᠠ ᠠᠵᠢᠯᠯᠠᠬᠤ ᠠᠩᠬᠢ ᠶᠢᠨ ︽ᠰᠢᠯᠢᠳᠡᠭ ᠺᠠᠳ᠋ᠷ︾᠂ ᠪᠠᠯᠴᠢᠷᠤᠳ ᠰᠤᠮᠤ ᠶᠢᠨ ᠶᠠᠳᠠᠭᠤ ᠠᠴᠠ ᠠᠩᠬᠢᠵᠢᠷᠠᠭᠤᠯᠬᠤ ᠪᠠᠷᠭᠡ ᠶᠢ ᠲᠤᠭᠤᠯᠬᠤ ᠠᠵᠢᠯ ᠤᠨ ︽ᠲᠠᠷᠢᠬᠦᠨ ᠤ ᠬᠤᠪᠢ ᠬᠦᠮᠤᠨ︾ ᠢᠶᠠᠷ᠂ 2019 ᠤᠨ ᠳᠤ ︽ᠪᠦᠬᠦ ᠬᠤᠰᠢᠭᠤᠨ ᠤ ᠬᠦᠳᠡᠯᠮᠤᠷᠢ ᠶᠢᠨ ᠵᠢᠱᠢᠶᠠᠴᠢ︾ ᠪᠠᠷ ᠦᠨᠡᠯᠡᠭᠳᠡᠭᠰᠡᠨ ᠪᠦᠭᠡᠳ ᠭᠠᠴᠠᠭ᠎ᠠ ᠲᠤᠰᠬᠤᠨ ᠳᠤ ᠰᠠᠭᠤᠭ᠎ᠠ ᠠᠵᠢᠯᠯᠠᠬᠤ ᠠᠩᠬᠢ ᠶᠢᠨ ᠰᠢᠯᠢᠳᠡᠭ ᠭᠡᠰᠢᠬᠦᠨ ᠢᠶᠠᠷ ᠲᠤᠰ ᠲᠤᠰ ᠬᠦᠬᠢᠬᠦᠯᠦᠭᠳᠡᠭᠰᠡᠨ ᠲᠠᠷᠠ ᠪᠠᠷ ᠤᠳᠤ ᠠᠮᠠ ᠨᠡᠭᠡᠭᠡᠪᠠᠯ ︽ᠮᠠᠨ ᠤ ᠭᠠᠴᠠᠭ᠎ᠠ᠂ ᠮᠠᠨ ᠤ ᠬᠦᠴᠢᠷᠳᠠᠢ ᠡᠷᠦᠭᠡ  ᠁︾ ᠭᠡᠵᠤ ᠠᠮᠢᠨᠴᠢᠯᠠᠨ ᠶᠠᠷᠢᠬᠤ ᠪᠦᠭᠡᠳ ᠬᠦᠴᠢᠷᠳᠠᠢ ᠡᠷᠦᠭᠡ ᠶᠢᠨ ᠠᠮᠢᠳᠤᠷᠠᠯ ᠤᠶᠢᠯᠠᠳᠪᠤᠷᠢᠯᠡᠯ ᠤᠨ ᠪᠠᠶᠢᠳᠠᠯ ᠢ ᠨᠢ ᠨᠤ ᠦᠭᠡᠢ ᠮᠡᠳᠡᠵᠤ ︽ᠲᠠᠳᠠᠨ ᠤ ᠠᠰᠠᠭᠤᠳᠠᠯ ᠪᠤᠯ ᠮᠢᠨᠤ ᠠᠰᠠᠭᠤᠳᠠᠯ᠂ ᠲᠠᠳᠠᠨ ᠤ ᠬᠦᠴᠢᠷᠳᠠᠯ ᠪᠤᠯ ᠮᠢᠨᠤ ᠰᠢᠢᠳᠪᠤᠷᠢᠯᠡᠬᠦ ᠭᠡᠷᠡᠭᠳᠡᠢ ᠤᠴᠢᠷ᠂ ᠬᠦᠢᠴᠡᠳᠭᠡᠬᠦ ᠭᠡᠷᠡᠭᠳᠡᠢ ᠡᠬᠦᠷᠭᠡ︾ ᠭᠡᠮᠡᠨ ᠮᠠᠷᠡᠶᠢᠨ ᠠᠵᠢᠯᠯᠠᠭᠰᠠᠭᠠᠷ  ᠁  ︵ᠤᠷᠠᠨᠲ᠋ᠠᠨ᠎ᠠ︶
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号