ᠡᠵᠡᠨ ᠬᠦᠮᠤᠨ ᠤ ᠬᠠᠷᠢᠭᠤᠴᠠᠯᠭ᠎ᠠ ᠳᠤ ᠤᠶᠢᠯᠠᠰ ᠤᠨ ᠮᠦᠷ ᠰᠠᠷᠠᠭᠤᠯᠬᠠᠨ
ᠨᠡᠶᠢᠲᠡᠯᠡᠭᠰᠡᠨ ᠴᠠᠭ᠄
2020/7/16
       ︽ᠡᠬᠢᠯᠠᠯᠳᠠ ᠪᠤᠯ ᠠᠵᠢᠯ ᠤᠨ ᠬᠠᠮᠤᠭ ᠴᠢᠬᠤᠯᠠ ᠭᠡᠰᠡᠭ ᠪᠤᠯᠳᠠᠭ︾ ᠢᠶᠠᠷ ᠭᠡᠷ ᠪᠦᠯᠢ ᠶᠢᠨ ᠮᠠᠯᠵᠢᠯ ᠤᠨ ᠲᠠᠯᠠᠪᠠᠢ ᠪᠠᠨ ᠡᠬᠢᠯᠡᠬᠦᠯᠤᠨ ᠨᠢᠭᠡᠨᠳᠠ ᠭᠤᠷᠪᠠᠨ ᠵᠢᠯ ᠪᠤᠯᠵᠤ ᠶᠠᠪᠤᠭ᠎ᠠ ᠤᠶᠤᠳᠠᠨ ᠮᠠᠯᠴᠢᠨ ᠨᠠᠰᠤᠨᠴᠤᠭᠳᠤ ᠠᠵᠢᠯ ᠤᠶᠢᠯᠠᠰ ᠤᠨ ᠢᠶᠠᠨ ᠴᠢᠬᠤᠯᠠ ᠨᠢᠭᠡᠨ ᠠᠯᠬᠤᠮ ᠢ ᠨᠢᠭᠡᠨᠳᠠ ᠠᠯᠬᠤᠴᠢᠬᠠᠭᠰᠠᠨ ᠮᠦᠷᠳᠡᠭᠡᠨ ᠲᠠᠷᠠᠭᠠᠴᠢ ᠶᠢᠨ ᠢᠶᠠᠨ ᠲᠦᠯᠦᠪᠯᠡᠭᠡ ᠶᠤᠰᠤᠭᠠᠷ ᠵᠤᠯᠪᠤᠭᠠᠯᠢᠭ ᠤᠷᠤᠭᠰᠢᠯᠠᠨ᠎ᠠ᠃
       ᠨᠠᠢᠮᠠᠨ ᠵᠢᠯ ᠤᠨ ᠡᠮᠤᠨ᠎ᠠ ᠶᠡᠭᠡ ᠰᠤᠷᠭᠠᠭᠤᠯᠢ ᠪᠠᠨ ᠰᠢᠯᠢᠳᠡᠭ ᠪᠦᠳᠦᠮᠵᠢ ᠪᠠᠷ ᠲᠡᠬᠦᠰᠴᠤ᠂ ᠤᠶᠤᠳᠠᠨ ᠤ ᠤᠯᠠᠭᠠᠨ ᠦᠨᠠᠮᠯᠠᠯ ᠢᠶᠠᠨ ᠪᠠᠷᠢᠵᠤ᠂ ᠤᠯᠤᠰ ᠤᠨ ᠠᠯᠪᠠᠳᠠᠨ ᠢᠶᠠᠷ ᠪᠤᠶᠤ ᠠᠯᠢ ᠨᠢᠭᠡ ᠠᠵᠢᠯ ᠲᠦᠷᠤᠯ ᠳᠤ ᠰᠤᠷᠤᠭᠰᠠᠨ ᠢᠶᠠᠨ ᠰᠤᠶᠢᠵᠤ᠂ ᠮᠡᠳᠡᠭᠰᠡᠨ ᠢᠶᠠᠨ ᠭᠡᠷᠡᠭᠯᠡᠬᠦ ᠭᠡᠮᠡᠨ ᠬᠦᠰᠡᠯ ᠳᠡᠭᠡᠨ ᠬᠦᠳᠦᠯᠦᠭᠳᠡᠨ ᠨᠠᠶᠢᠭᠡᠮ ᠳᠤ ᠠᠩᠬ᠎ᠠ ᠬᠦᠯ ᠲᠠᠯᠪᠢᠭᠰᠠᠨ ᠤᠶᠤᠳᠠᠨ ᠤ ᠨᠢᠭᠡ ᠨᠢ ᠨᠠᠰᠤᠨᠴᠤᠭᠳᠤ ᠪᠠᠶᠢᠯ᠎ᠠ᠃ 2012 ᠤᠨ ᠳᠤ ᠶᠡᠭᠡ ᠰᠤᠷᠭᠠᠭᠤᠯᠢ ᠪᠠᠨ ᠲᠡᠬᠦᠰᠮᠡᠭᠴᠠ ᠰᠤᠮᠤ ᠳᠤ ᠬᠤᠶᠠᠷ ᠵᠢᠯ ᠠᠵᠢᠯᠯᠠᠭᠠᠳ ᠲᠠᠬᠢᠨ ᠡᠪᠠᠰᠤ ᠪᠤᠷᠤᠯᠠᠭᠤᠯᠬᠤ ᠠᠵᠢᠯ ᠬᠢᠵᠤ ᠤᠯᠵᠠ ᠤᠷᠤᠯᠭ᠎ᠠ ᠪᠠᠷ ᠤᠪᠤᠭ᠎ᠠ ᠦᠨᠳᠤᠷ ᠪᠠᠶᠢᠬᠰᠠᠨ ᠴᠦ ᠬᠤᠶᠠᠷ ᠵᠢᠯ ᠪᠤᠯᠬᠤ ᠳᠤ ᠡᠪᠠᠰᠤᠨ ᠪᠤᠷᠤᠯᠠᠭᠤᠯᠭ᠎ᠠ ᠶᠢᠨ ᠤᠷᠤᠯᠭ᠎ᠠ ᠤᠤᠯ ᠤᠨ ᠬᠢ ᠪᠠᠨ ᠬᠦᠷᠬᠦ ᠪᠠᠨ ᠪᠤᠯᠢᠬᠤ ᠳᠤ ᠲᠡᠬᠦᠨ ᠳᠤ ᠦᠭᠡᠷ᠎ᠠ ᠨᠢᠭᠡᠨ ᠵᠠᠮ ᠬᠠᠶᠢᠨ ᠰᠦᠪᠡᠭᠴᠢᠯᠡᠬᠦ ᠪᠤᠳᠤᠯ ᠡᠷᠭᠡ ᠦᠭᠡᠢ ᠤᠷᠭᠤᠭᠰᠠᠨ ᠪᠠᠶᠢᠯ᠎ᠠ᠃ ᠡᠪᠠᠰᠤᠨ ᠪᠤᠷᠤᠯᠠᠭᠤᠯᠭ᠎ᠠ ᠪᠠᠷ ᠵᠡᠬᠦᠨ ᠬᠤᠶᠢᠳᠤ ᠤᠷᠤᠨ ᠢᠶᠠᠷ ᠡᠳᠤᠷ ᠰᠦᠨᠢ ᠦᠭᠡᠢ ᠲᠠᠪᠬᠢᠭᠤᠯᠵᠤ ᠶᠠᠪᠤᠭᠰᠠᠨ ᠨᠠᠰᠤᠨᠴᠤᠭᠳᠤ ᠵᠦᠭᠡᠷ ᠯᠠ ᠲᠡᠷᠭᠡ ᠪᠠᠨ ᠪᠠᠷᠢᠵᠤ᠂ ᠡᠪᠠᠰᠤ ᠪᠤᠷᠤᠯᠠᠭᠤᠯᠤᠭᠠᠳ ᠯᠠ ᠶᠠᠪᠤᠭᠰᠠᠨ ᠪᠤᠰᠤ᠂ ᠬᠠᠷᠢᠨ ᠬᠦᠷᠦᠭᠰᠡᠨ ᠭᠠᠵᠠᠷ ᠤᠷᠤᠨ ᠤ ᠪᠠᠨ ᠬᠦᠮᠤᠨ ᠵᠤᠨ ᠤ ᠠᠮᠢᠳᠤᠷᠠᠯ ᠤᠶᠢᠯᠡᠳᠪᠤᠷᠢᠯᠡᠯ᠂ ᠬᠤᠳᠠ ᠬᠦᠳᠡᠭᠡ ᠶᠢᠨ ᠬᠤᠪᠢᠷᠠᠯᠳᠠ ᠬᠦᠭᠵᠢᠯᠳᠠ᠂ ᠵᠠᠬ᠎ᠠ ᠲᠡᠯᠭᠡᠬᠦᠷ ᠤᠨ ᠬᠠᠨᠳᠤᠰᠢ ᠴᠢᠭᠯᠡᠯ ᠵᠠᠷᠭᠡ ᠠᠯᠢ ᠤᠯᠠᠨ ᠦᠵᠡᠭᠳᠡᠯ ᠢ ᠤᠶᠤᠳᠠᠨ ᠬᠦᠮᠤᠨ ᠤ ᠦᠪᠠᠷᠮᠢᠴᠠ ᠬᠠᠷᠠᠴᠠ ᠪᠠᠷ ᠢᠶᠠᠨ ᠲᠤᠯᠢᠳᠠᠵᠤ ᠶᠠᠪᠤᠭᠰᠠᠨ ᠤᠬᠠᠭᠠᠨ ᠲᠠᠢ᠃ ᠲᠠᠷᠠ ᠡᠪᠠᠰᠤ ᠪᠤᠷᠤᠯᠠᠭᠤᠯᠬᠤ ᠠᠵᠢᠯ ᠢᠶᠠᠷ ᠬᠠᠷᠠᠮᠦ᠋ᠷᠠᠨ ᠮᠤᠵᠢ ᠳᠤ ᠦᠷᠬᠦᠯᠵᠢ ᠬᠦᠷᠳᠡᠭ ᠪᠤᠯᠬᠤᠷ ᠲᠡᠨᠳᠡᠬᠢ ᠶᠢᠨ ᠮᠢᠩᠭ᠎ᠠ ᠢᠯᠡᠬᠦᠤ ᠦᠭᠡᠷ ᠠᠷᠠᠴᠢᠯᠠᠨ ᠲᠡᠵᠢᠭᠡᠵᠤ ᠪᠠᠶᠢᠭ᠎ᠠ ᠬᠢᠳᠠᠳ ᠠᠷᠠᠯᠵᠢᠶᠠᠴᠢᠨ ᠤ ᠪᠠᠶᠢᠳᠠᠯ ᠢ ᠬᠠᠷᠠᠭᠠᠳ ᠶᠤᠰᠤᠳᠠᠢ ᠨᠢᠭᠡ ᠭᠠᠶᠢᠬᠠᠭᠰᠠᠨ ᠭᠡᠳᠡᠭ᠂ ᠨᠠᠰᠤᠨᠴᠤᠭᠳᠤ ᠶᠢᠨ ᠦᠭᠡ ᠪᠠᠷ ᠭᠡᠯᠡᠪᠠᠯ ᠲᠠᠷᠠ ᠠᠩᠬ᠎ᠠ ᠤᠳᠠᠭ᠎ᠠ ᠡᠶᠢᠮᠤ ᠶᠡᠭᠡ ᠭᠡᠪᠴᠢᠶ᠎ᠠ ᠪᠠᠷ ᠦᠭᠡᠷ ᠲᠡᠵᠢᠭᠡᠵᠤ ᠪᠠᠶᠢᠬᠤ ᠶᠢ ᠬᠠᠷᠠᠭᠰᠠᠨ ᠭᠡᠨ᠎ᠠ᠃ ᠡᠨᠡ ᠶᠡᠭᠡ ᠭᠠᠶᠢᠬᠠᠰᠢᠷᠠᠯ ᠰᠤᠴᠢᠯ ᠨᠢ ᠲᠡᠬᠦᠨ ᠤ ᠤᠳᠠᠭᠠᠨ ᠡᠳᠤᠷ ᠦᠭᠡᠷ᠎ᠠ ᠨᠢᠭᠡᠨ ᠤᠶᠢᠯᠠᠰ ᠤᠨ ᠵᠠᠮ ᠡᠷᠢᠯᠭᠢᠯᠡᠬᠦ ᠭᠡᠮᠡᠨ ᠲᠤᠳᠤᠷ ᠪᠤᠳᠤᠯ ᠰᠡᠳᠬᠢᠮᠵᠢ ᠲᠠᠢ ᠠᠮᠠ ᠰᠠᠭᠡᠷ ᠵᠤᠯᠭᠠᠭᠰᠠᠨ ᠭᠡᠯᠳᠡᠢ᠃
       ᠠᠵᠢᠯ ᠬᠢᠵᠤ ᠬᠦᠮᠤᠨ ᠪᠤᠯᠳᠠᠭ᠂ ᠠᠷᠤ ᠲᠠᠪᠠᠵᠤ ᠬᠦᠯᠦᠭ ᠪᠤᠯᠳᠠᠭ᠃ ᠬᠠᠷᠠᠬᠠᠨ ᠪᠠᠭ᠎ᠠ ᠠᠴᠠ ᠪᠠᠨ ᠬᠤᠷᠠᠭ᠎ᠠ ᠲᠤᠭᠤᠯ ᠲᠠᠢ ᠨᠤᠴᠤᠯᠳᠤᠨ᠂ ᠠᠵᠢᠯᠴᠢ ᠬᠦᠳᠡᠯᠮᠤᠷᠢᠴᠢ ᠰᠤᠷᠭᠠᠯ ᠰᠠᠶᠢᠳᠠᠢ ᠭᠡᠷ ᠪᠦᠯᠢ ᠳᠤ ᠬᠦᠮᠦᠵᠢᠭᠳᠡᠨ ᠦᠰᠦᠭᠰᠠᠨ ᠨᠠᠰᠤᠨᠴᠤᠭᠳᠤ ᠬᠦᠳᠡᠭᠡ ᠭᠡᠷ ᠤᠨ ᠠᠵᠢᠯ ᠠᠮᠢᠳᠤᠷᠠᠯ ᠠᠴᠠ ᠪᠠᠨ ᠶᠠᠷᠤ ᠵᠠᠶᠢᠳᠠᠵᠤ ᠬᠤᠯᠠᠳᠠᠭ᠎ᠠ ᠦᠭᠡᠢ ᠮᠦᠷᠳᠡᠭᠡᠨ ᠨᠠᠶᠢᠭᠡᠮ ᠲᠡᠭᠡᠷ᠎ᠠ ᠭᠡᠳᠤᠨ ᠵᠢᠯ ︽ᠬᠢᠴᠢᠶᠠᠯ︾ ᠳᠤ ᠤᠷᠤᠭᠰᠠᠨ ᠤᠶᠢᠯᠡᠳᠦᠯᠭᠡ ᠲᠤᠷᠰᠢᠯᠭ᠎ᠠ ᠨᠢ ᠲᠡᠬᠦᠨ  ᠤ ᠦᠨᠤᠳᠤᠷ ᠤᠨ ︽ᠭᠡᠷ ᠪᠦᠯᠢ ᠶᠢᠨ ᠮᠠᠯᠵᠢᠯ ᠤᠨ ᠲᠠᠯᠠᠪᠠᠢ︾ ᠪᠠᠶᠢᠭᠤᠯᠬᠤ ᠳᠤ ᠨᠦᠬᠦᠴᠡᠯ ᠪᠤᠯᠤᠮᠵᠢ ᠶᠢᠨ ᠰᠠᠭᠤᠷᠢ ᠶᠢ ᠲᠠᠯᠪᠢᠬᠰᠠᠨ ᠪᠠᠶᠢᠵᠤ ᠲᠠᠭᠠᠷᠠᠨ᠎ᠠ  ᠃ 2017 ᠤᠨ ᠤ 5 ᠰᠠᠷ᠎ᠠ ᠳᠤ᠂ ᠲᠠᠷᠠ ︽ᠨᠠᠰᠤᠨᠴᠤᠭᠳᠤ ᠭᠡᠷ ᠪᠦᠯᠢ ᠶᠢᠨ ᠮᠠᠯᠵᠢᠯ ᠤᠨ ᠲᠠᠯᠠᠪᠠᠢ︾ ᠪᠠᠨ ᠲᠠᠩᠰᠠᠯᠠᠭᠤᠯᠵᠤ᠂ ᠰᠠᠭᠤᠷᠢ ᠪᠦᠳᠦᠭᠡᠨ ᠪᠠᠶᠢᠭᠤᠯᠤᠯᠳᠠ ᠪᠠᠨ ᠡᠬᠢᠯᠡᠬᠦᠯᠤᠨ ᠂ ᠤᠳᠤ ᠪᠤᠯᠬᠤ ᠳᠤ ᠨᠢᠭᠡᠨᠳᠠ 100 ᠭᠠᠷᠤᠢ ᠲᠦᠮᠡᠨ ᠲᠦᠬᠦᠷᠢᠭ ᠤᠨ ᠪᠠᠯᠠ ᠤᠷᠤᠭᠤᠯᠵᠤ᠂ 2000 ᠰᠢᠬᠠᠮ ᠲᠡᠭᠰᠢ ᠲᠦᠷᠪᠠᠯᠵᠢᠨ ᠮᠧᠲᠷ ᠮᠠᠯ ᠤᠨ ᠫᠧᠩ ᠰᠠᠷᠠᠪᠴᠢ᠂ 400 ᠲᠡᠭᠰᠢ ᠲᠦᠷᠪᠡᠯᠵᠢᠨ ᠮᠧᠲᠷ ᠡᠪᠠᠰᠤᠨ ᠫᠧᠩ ᠪᠠᠶᠢᠭᠤᠯᠤᠨ᠂ 90 ᠭᠠᠷᠤᠢ ᠰᠠᠶᠢᠨ ᠡᠬᠦᠯᠳᠡᠷ ᠤᠨ ᠰᠠᠭᠤᠷᠢ ᠡᠭᠡ ᠮᠠᠯ ᠮᠠᠯᠵᠢᠨ᠂ ᠵᠢᠯ ᠳᠤ ᠲᠡᠭᠰᠢᠳᠭᠡᠭᠡᠳ 60 — 70 ᠲᠤᠭᠤᠯ   ᠢ ᠵᠠᠬ᠎ᠠ ᠳᠤ ᠭᠠᠷᠭᠠᠵᠤ ᠪᠠᠶᠢᠨ᠎ᠠ᠃ ᠨᠢᠯᠬ᠎ᠠ ᠲᠤᠭᠤᠯ ᠢ ᠡᠭᠡ ᠠᠴᠠ ᠲᠦᠷᠦᠭᠰᠡᠨ ᠠᠴᠠ ᠬᠠᠭᠠᠰ ᠰᠠᠷ᠎ᠠ ᠶᠢᠨ ᠲᠠᠷᠠᠭ᠎ᠠ ᠪᠤᠷᠳᠤᠭ᠎ᠠ ᠢᠳᠡᠬᠦᠯᠤᠨ᠂ 6 — 8 ᠰᠠᠷ᠎ᠠ ᠲᠡᠵᠢᠭᠡᠭᠰᠡᠨ ᠤ ᠲᠠᠷᠠᠭ᠎ᠠ ᠭᠠᠷᠭᠠᠯᠳᠠ  ᠳᠤ ᠭᠠᠷᠭᠠᠨ᠎ᠠ᠂ ᠲᠤᠭᠤᠯ ᠪᠦᠷᠢ ᠲᠡᠭᠰᠢᠳᠭᠡᠭᠡᠳ 13000 ᠲᠦᠬᠦᠷᠢᠭ ᠬᠦᠷᠳᠡᠭ᠂ ᠭᠡᠬᠦ ᠳᠤ ᠨᠢᠭᠡ ᠲᠤᠭᠤᠯ ᠢ 6— 8 ᠰᠠᠷ᠎ᠠ ᠠᠷᠠᠴᠢᠯᠠᠵᠤ ᠲᠡᠵᠢᠭᠡᠬᠦ ᠡᠪᠠᠰᠤ ᠪᠤᠷᠳᠤᠭ᠎ᠠ ᠶᠢᠨ ᠲᠠᠩᠰᠠ ᠶᠢ ᠨᠠᠷᠢᠪᠴᠢᠯᠡᠪᠠᠯ᠂ ᠲᠤᠭᠤᠯ ᠪᠦᠷᠢ ᠵᠠᠬ᠎ᠠ ᠳᠤ ᠭᠠᠷᠳᠠᠯ᠎ᠠ 500 — 600 ᠲᠦᠬᠦᠷᠢᠭ ᠤᠨ ᠪᠤᠷᠳᠤᠭ᠎ᠠ ᠭᠡᠷᠡᠭᠰᠡᠨ᠎ᠠ᠂ ᠢᠩᠬᠢᠭᠡᠳ ᠪᠤᠳᠤᠪᠠᠯ ᠮᠠᠨ ᠤ ᠤᠶᠤᠳᠠᠨ ᠮᠠᠯᠴᠢᠨ ᠤ ᠲᠦᠯ ᠮᠠᠯ ᠤᠨ ᠤᠷᠤᠯᠭ᠎ᠠ ᠬᠢᠷᠢ ᠵᠠᠷᠭᠡ ᠭᠡᠳᠡᠭ ᠨᠢ ᠮᠠᠰᠢ ᠲᠤᠳᠤᠷᠬᠠᠢ ᠪᠤᠯᠤᠨ᠎ᠠ᠃ ᠡᠬᠦᠨ  ᠢᠶᠠᠷ ᠪᠠᠷᠠᠬᠤ ᠦᠭᠡᠢ ᠤᠷᠤᠯᠭ᠎ᠠ ᠶᠢᠨ ᠲᠠᠯ᠎ᠠ ᠶᠢᠨ ᠪᠠᠰᠠ ᠨᠢᠭᠡᠨ ᠭᠡᠯᠪᠠᠷᠢ ᠭᠡᠪᠠᠯ ᠨᠠᠰᠤᠨᠴᠤᠭᠳᠤ ᠪᠤᠰᠤᠳ ᠠᠴᠠ ᠲᠤᠭᠤᠯ ᠬᠤᠳᠠᠯᠳᠤᠨ ᠠᠪᠴᠢᠷᠠᠵᠤ᠂ ᠦᠪᠠᠷ ᠢᠶᠠᠨ ᠬᠤᠶᠠᠷ ᠰᠠᠷ᠎ᠠ ᠤᠷᠴᠢᠮ ᠠᠷᠠᠴᠢᠯᠠᠨ ᠲᠡᠵᠢᠭᠡᠵᠤ ᠵᠠᠬ᠎ᠠ ᠳᠤ ᠭᠠᠷᠭᠠᠬᠤ ᠳᠤ ᠲᠤᠭᠤᠯ ᠪᠦᠷᠢ ᠲᠡᠭᠡᠷ᠎ᠠ 2000 ᠲᠦᠬᠦᠷᠢᠭ ᠤᠨ ᠴᠡᠪᠠᠷ ᠤᠷᠤᠯᠭ᠎ᠠ ᠤᠯᠳᠠᠭ ᠪᠠᠶᠢᠨ᠎ᠠ᠃
       ᠨᠠᠷᠠ ᠲᠠᠢ ᠭᠠᠵᠠᠷ ᠭᠡᠷ ᠢᠶᠠᠨ ᠪᠤᠰᠬᠠᠵᠤ᠂ ᠨᠠᠪᠴᠢ ᠲᠠᠢ ᠭᠠᠵᠠᠷ ᠮᠠᠯ ᠢᠶᠠᠨ ᠪᠠᠯᠴᠢᠭᠡᠵᠤ ᠶᠠᠪᠤᠭ᠎ᠠ ᠨᠢ ᠮᠥᠨ ᠤᠶᠤᠳᠠᠨ ᠮᠠᠯᠴᠢᠨ ᠤ ᠮᠠᠨᠢ ᠤᠶᠢᠯᠠᠰ ᠡᠷᠬᠢᠯᠡᠬᠦ ᠳᠤ ᠦᠰᠴᠤ ᠲᠦᠷᠦᠭᠰᠡᠨ ᠦᠯᠦᠭᠡᠢ ᠨᠤᠳᠤᠭ ᠨᠢ ᠦᠪᠯᠡᠵᠤ  ᠤᠯᠠᠮᠵᠢᠯᠡᠵᠤ ᠦᠭᠬᠦᠭᠰᠡᠨ ᠡᠭᠡ ᠭᠠᠵᠠᠷ ᠤᠨ ᠢᠪᠡᠭᠡᠯ ᠪᠠᠶᠢᠭ᠎ᠠ᠃ ᠠᠷᠤᠪᠤᠯᠠᠭ ᠭᠡᠵᠤ ᠮᠠᠯᠵᠢᠬᠤ ᠳᠤ ᠲᠤᠬᠢᠷᠠᠭᠰᠠᠨ ᠦᠩ ᠰᠢᠮᠡᠯᠢᠭ ᠡᠪᠠᠰᠤ ᠪᠠᠯᠴᠢᠭᠡᠷ ᠲᠠᠢ ᠨᠤᠳᠤᠭ ᠤᠰᠤᠨ᠃ ᠤᠶᠤᠳᠠᠨ ᠮᠠᠯᠴᠢᠨ ᠮᠠᠨᠢ ᠡᠨᠡ ᠰᠠᠶᠢᠬᠠᠨ ᠡᠭᠡ ᠭᠠᠵᠠᠷ  ᠤᠨ ᠢᠪᠡᠭᠡᠯ ᠳᠤ ᠰᠢᠳᠤᠨ᠂ ᠤᠯᠠᠮᠵᠢᠯᠠᠯᠳᠤ ᠮᠠᠯᠵᠢᠯ ᠤᠨ ᠢᠶᠠᠨ ᠰᠠᠭᠤᠷᠢᠨ ᠲᠡᠭᠡᠷ᠎ᠠ ᠤᠳᠤᠬᠢᠴᠢᠯᠠᠯᠳᠠ ᠰᠢᠨᠠᠴᠢᠯᠠᠯᠳᠠ  ᠶᠢ ᠠᠭᠤᠰᠤᠯᠴᠠᠭᠤᠯᠤᠨ᠂ ᠡᠪᠠᠰᠤ ᠪᠠ ᠪᠤᠷᠳᠤᠭ᠎ᠠ ᠶᠢ ᠲᠠᠩᠴᠡᠬᠦᠯᠬᠦ᠂ ᠪᠡᠯᠴᠢᠭᠡᠷ ᠬᠠᠳᠤᠯᠠᠩ ᠪᠠ ᠲᠠᠷᠢᠶᠠᠨ ᠤ ᠡᠰᠢ ᠰᠦᠷᠠᠯ ᠢ ᠡᠭᠡᠯᠵᠢᠯᠡᠬᠦᠯᠬᠦ᠂ ᠬᠠᠰᠢᠶᠠᠯᠠᠬᠤ ᠪᠠ ᠪᠠᠯᠴᠢᠭᠡᠷᠯᠡᠬᠦᠯᠬᠦ ᠶᠢ ᠰᠡᠯᠬᠦᠬᠦ᠂ ᠮᠠᠩᠬ᠎ᠠ ᠪᠠ ᠵᠤ ᠶᠢᠨ ᠪᠠᠯᠴᠢᠭᠡᠷ ᠢ ᠬᠤᠤᠰᠯᠠᠭᠤᠯᠬᠤ ᠵᠡᠷᠭᠡ ᠲᠠᠯ᠎ᠠ ᠲᠠᠯ᠎ᠠ ᠶᠢᠨ ᠠᠵᠢᠯ ᠢ ᠲᠤᠬᠢᠳᠠᠢ ᠪᠠᠶᠢᠷᠢᠯᠠᠭᠤᠯᠤᠭᠰᠠᠨ ᠢᠶᠠᠷ ᠠᠰᠢᠭ ᠤᠷᠤᠯᠭ᠎ᠠ ᠶᠢᠨ ᠲᠠᠯ᠎ᠠ ᠳᠤ ᠬᠠᠮᠤᠭ ᠰᠠᠶᠢᠨ ᠦᠷ᠎ᠠ ᠪᠦᠳᠦᠮᠵᠢ ᠶᠢ ᠡᠬᠦᠳᠴᠤ ᠪᠠᠶᠢᠭ᠎ᠠ ᠶᠤᠮ᠃ ᠤᠳᠤ ᠲᠠᠳᠠᠨ ᠤ ᠬᠢᠨ 4000 ᠢᠯᠡᠬᠦᠤ ᠮᠤ᠋ ᠪᠠᠯᠴᠢᠭᠡᠷ ᠲᠠᠢ᠂ 200 ᠭᠠᠷᠤᠢ ᠮᠤ᠋ ᠨᠤᠭᠤᠭᠠᠨ ᠲᠠᠷᠤᠰᠢ ᠲᠠᠷᠢᠵᠤ᠂ ᠵᠠᠭᠤ ᠭᠠᠷᠤᠢ ᠮᠠᠯ ᠤᠨ ᠢᠶᠠᠨ ᠡᠪᠠᠰᠤ ᠪᠤᠷᠳᠤᠭ᠎ᠠ ᠶᠢᠨ ᠠᠰᠠᠭᠤᠳᠠᠯ ᠢ ᠦᠪᠠᠷᠳᠡᠭᠡᠨ ᠰᠢᠢᠳᠪᠤᠷᠢᠯᠡᠨ᠂ ᠮᠠᠰᠢᠨᠴᠢᠯᠠᠯᠳᠠ ᠶᠢ ᠠᠰᠢᠭᠯᠠᠨ ᠤᠶᠢᠯᠡᠳᠪᠤᠷᠢᠯᠡᠯ ᠠᠮᠢᠳᠤᠷᠠᠯ ᠳᠤ ᠪᠠᠨ ᠲᠦᠬᠦᠮ ᠦᠵᠡᠬᠦᠯᠦᠭᠰᠡᠨ ᠢᠶᠠᠷ ᠬᠦᠴᠤ ᠬᠦᠯᠤᠰᠤ ᠶᠢ ᠶᠡᠭᠡᠪᠠᠷ ᠠᠷᠪᠢᠯᠠᠵᠠᠢ᠃
       ᠲᠦᠮᠡᠨ ᠠᠯᠬᠤᠮ ᠤᠨ ᠲᠦᠷᠦᠬᠦᠤ ᠠᠯᠬᠤᠮ ᠭᠡᠴᠡᠬᠦᠤ ᠪᠠᠶᠢᠳᠠᠭ ᠤᠨ ᠵᠢᠮ᠎ᠠ ᠶᠢ ᠪᠠᠶ᠎ᠠ ᠪᠠᠷ ᠢᠶᠠᠨ ᠦᠩᠭᠡᠷᠡᠬᠦᠯᠦᠭᠰᠡᠨ ᠨᠠᠰᠤᠨᠴᠤᠭᠳᠤ ᠵᠠᠯᠠᠭᠤ ᠮᠠᠨᠢ ᠤᠶᠢᠯᠠᠰ ᠡᠬᠢᠯᠡᠬᠦᠯᠬᠦ ᠡᠬᠢᠨ ᠤ ᠦᠶ᠎ᠠ ᠶᠢᠨ ᠤᠨᠳᠠᠭᠠᠳ ᠨᠤᠶᠢᠷ ᠦᠭᠡᠢ ᠤᠯᠠᠨ ᠰᠦᠨᠢ ᠶᠢ ᠦᠩᠭᠡᠷᠡᠬᠦᠯᠵᠤ ᠶᠠᠪᠤᠭᠰᠠᠨ ᠢᠶᠠᠨ ᠡᠷᠬᠢᠴᠡᠬᠦᠯᠤᠨ ᠲᠤᠷᠠᠰᠬᠤ ᠶᠢ ᠨᠢ ᠰᠤᠨᠤᠰᠬᠤ ᠠᠴᠠ ᠦᠪᠠᠷ ᠤᠨ ᠡᠷᠭᠡ ᠦᠭᠡᠢ ᠦᠷᠤ ᠡᠪᠠᠳᠤᠯ ᠲᠦᠷᠦᠭᠳᠡᠨ᠎ᠠ᠃ ᠲᠤᠬᠠᠢ ᠶᠢᠨ ᠦᠶ᠎ᠠ ᠳᠤ ᠶᠡᠭᠡ ᠰᠤᠷᠭᠠᠭᠤᠯᠢ ᠲᠡᠬᠦᠰᠤᠭᠡᠳ ᠠᠷᠤ ᠬᠡᠷ ᠲᠡᠭᠡᠨ ᠬᠠᠷᠢᠵᠤ ᠠᠯᠪᠠᠨ ᠠᠵᠢᠯ ᠠᠪᠬᠤ ᠦᠭᠡᠢ᠂ ᠮᠠᠯᠴᠢᠨ ᠪᠤᠯᠤᠨ᠎ᠠ ᠭᠡᠭᠴᠢ  ᠶᠤᠰᠤᠳᠠᠢ ᠤᠯᠠᠨ ᠬᠦᠮᠤᠨ ᠳᠤ ᠤᠶᠢᠯᠭᠠᠭᠳᠠᠰᠢ ᠦᠭᠡᠢ ᠤᠨᠢᠰᠤᠭ᠎ᠠ ᠪᠤᠶᠤ᠃ ᠭᠡᠶ᠎ᠠ ᠠᠶᠢᠯ ᠠᠶᠢᠮᠠᠭ ᠤᠨ ᠶᠠᠷᠢᠶ᠎ᠠ ᠭᠡᠯᠡᠯᠴᠠᠭᠡᠨ᠂ ᠨᠠᠶᠢᠵᠠ ᠨᠦᠬᠦᠳ ᠤᠨ ᠢᠳᠬᠠᠯᠭ᠎ᠠ ᠰᠠᠨᠠᠭᠤᠯᠭ᠎ᠠ ᠪᠦᠬᠦᠨ ᠨᠢ ︽ᠠᠮᠢᠰᠬᠤᠬᠤ ᠶᠢᠨ ᠡᠷᠡᠬᠦᠯ ᠬᠦᠳᠡᠭᠡ ᠳᠡᠭᠡᠨ ᠠᠮᠢᠳᠤᠷᠠᠬᠤ ᠶᠢᠨ ᠵᠦᠪ ᠮᠤᠩᠭᠤᠯ ᠳᠠᠭᠠᠨ︾ ᠭᠡᠵᠤ ᠨᠤᠳᠤᠭ ᠤᠰᠤᠨ ᠳᠤ ᠪᠠᠨ ᠡᠵᠡᠨ ᠰᠠᠭᠤᠵᠤ᠂ ᠮᠠᠯᠵᠢᠬᠤ ᠠᠮᠢᠳᠤᠷᠠᠯ ᠢᠶᠠᠨ ᠡᠳ᠋ᠯᠠᠨ᠎ᠠ  ᠭᠡᠮᠡᠨ ᠭᠠᠭᠴᠠ ᠦᠵᠦᠬᠦᠷᠳᠤ ᠰᠡᠳᠬᠢᠯ ᠢ ᠪᠠᠷᠢᠬᠰᠠᠨ ᠨᠠᠰᠤᠨᠴᠤᠭᠳᠤ ᠶᠢ ᠵᠤᠶᠢᠯ ᠤᠨ ᠬᠦᠴᠢᠷ ᠢ ᠲᠠᠪᠠᠭᠤᠯᠤᠨ ᠵᠤᠷᠢᠭᠰᠠᠨ ᠳᠤ   ᠨᠢ ᠬᠦᠷᠭᠡᠵᠤ ᠲᠠᠶᠢᠯᠵᠠᠢ᠃
       ᠬᠦᠮᠤᠨ ᠤ ᠬᠠᠮᠤᠭ ᠤᠨ ᠶᠡᠭᠡ ᠪᠠᠶᠠᠷ ᠪᠠᠭ᠋ᠠᠳᠤᠯ ᠭᠡᠮᠡᠪᠠᠰᠤ ᠦᠪᠠᠷ ᠤᠨ ᠬᠦᠳᠡᠯᠮᠤᠷᠢ ᠳᠡᠭᠡᠨ ᠦᠷ᠎ᠠ ᠪᠦᠳᠦᠭᠡᠯ ᠤᠯᠬᠤ ᠶᠠᠪᠤᠳᠠᠯ ᠪᠤᠯᠤᠨ᠎ᠠ᠃ ᠠᠷᠢᠭᠤᠨ ᠬᠦᠳᠡᠯᠮᠤᠷᠢ ᠶᠢᠨ ᠢᠶᠠᠨ ᠦᠷ᠎ᠠ ᠪᠦᠳᠦᠭᠡᠯ ᠢ ᠡᠬᠢᠯᠡᠨ ᠡᠳ᠋ᠯᠠᠵᠤ ᠶᠠᠪᠤᠭ᠎ᠠ ᠤᠶᠤᠳᠠᠨ ᠮᠠᠯᠴᠢᠨ ᠨᠠᠰᠤᠨᠴᠤᠭᠳᠤ ᠮᠠᠨᠢ ᠦᠢ ᠤᠯᠠᠨ ︽ᠤᠶᠢᠯᠠᠰ ᠪᠦᠳᠦᠭᠡᠶ᠎ᠠ︾ ᠭᠡᠵᠤ ᠡᠷᠢᠵᠤ ᠪᠤᠳᠤᠯᠢᠵᠤ ᠶᠠᠪᠤᠭ᠎ᠠ ᠶᠡᠭᠡ ᠰᠤᠷᠭᠠᠭᠤᠯᠢ ᠲᠡᠬᠦᠰᠦᠭᠰᠡᠨ ᠤᠶᠤᠳᠠᠨ ᠲᠡᠬᠦᠤᠨᠠᠷ᠂ ᠠᠶᠢᠯ ᠠᠶᠢᠮᠠᠭ ᠤᠨ ᠵᠠᠯᠠᠭᠤ ᠨᠢᠭᠡ ᠦᠶ᠎ᠠ ᠶᠢᠨ ᠬᠢᠨ ᠳᠤ ᠲᠠᠭᠠᠭᠤᠯᠤᠭᠴᠢ ᠪᠤᠶᠤ ᠲᠠᠭᠤᠷᠶᠠᠯ ᠦᠵᠡᠬᠦᠯᠬᠦ ᠨᠢ ᠯᠠᠪᠳᠠᠢ᠃ ᠲᠠᠷᠠ ᠪᠠᠷ ᠮᠤᠩᠭᠤᠯ ᠵᠠᠯᠠᠭᠤᠴᠤᠳ ᠢᠶᠠᠨ ᠨᠤᠳᠤᠭ   ᠢᠶᠠᠨ ᠰᠠᠬᠢᠵᠤ᠂ ᠬᠠᠮᠳᠤ ᠪᠠᠷ ᠨᠤᠳᠤᠭ ᠤᠰᠤᠨ ᠳᠤ ᠪᠠᠨ ᠡᠵᠡᠨ ᠰᠠᠭᠤᠵᠤ᠂  ᠡᠵᠡᠨ ᠬᠦᠮᠤᠨ ᠤ ᠬᠤᠪᠢ ᠪᠠᠷ ᠦᠯᠦᠭᠡᠢ ᠨᠤᠳᠤᠭ ᠢᠶᠠᠨ ᠪᠦᠳᠦᠭᠡᠨ ᠪᠠᠶᠢᠭᠤᠯᠵᠤ᠂ ᠤᠶᠢᠯᠠᠰ ᠬᠦᠭᠡᠭᠡᠴᠡᠯᠳᠤᠯ ᠢᠶᠠᠨ ᠪᠠᠶᠠᠯᠡᠬᠦᠯᠵᠤ ᠶᠠᠪᠤᠬᠤ ᠶᠢ ᠬᠦᠰᠡᠨ ᠮᠦᠷᠦᠭᠡᠳᠴᠤ᠂  ᠡᠷᠢᠯᠳᠠ ᠬᠠᠶᠢᠯᠳᠠ ᠬᠢᠭᠰᠡᠭᠡᠷ ᠶᠠᠪᠤᠨ᠎ᠠ᠃        ᠠᠳᠠ ᠤᠶᠤᠳᠠᠨ ᠮᠠᠯᠴᠢᠨ ᠤ ᠪᠠᠨ ᠠᠶᠠᠨ ᠤ ᠵᠢᠯᠤᠭᠤ ᠶᠢ ᠢᠳᠡᠭᠡᠯ ᠤᠨ ᠰᠦ ᠪᠠᠷ ᠮᠢᠯᠢᠶᠠᠨ᠂  ᠠᠵᠢᠯ ᠤᠶᠢᠯᠠᠰ ᠤᠨ ᠬᠢᠨ ᠡᠳᠤᠷ ᠠᠴᠠ ᠡᠳᠤᠷ ᠦᠭᠡᠳᠡᠯᠡᠨ ᠮᠠᠨᠳᠤᠬᠤ ᠶᠢ ᠢᠷᠦᠭᠡᠨ ᠵᠦᠩᠨᠠᠶ᠎ᠠ︕               ᠵᠣᠬᠢᠶᠠᠭᠴᠢ᠄ ᠨᠠᠷᠠᠨᠳᠤᠶᠠᠭ᠎ᠠ ︵ᠠᠷᠤ ᠬᠤᠷᠴᠢᠨ ᠬᠤᠰᠢᠭᠤᠨ ᠤ ᠬᠠᠮ ᠵᠠᠭᠤᠴᠢᠯᠠᠭᠤᠷ ᠤᠨ ᠲᠦᠪ︶                                                                                    
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号