— ᠬᠤᠪᠢ ᠶᠢᠨ ᠠᠵᠤ ᠠᠬᠤᠶᠢᠯᠠᠯᠳᠠᠨ ᠰᠡᠴᠠᠨᠳᠦᠩᠭᠠᠯᠠᠭ | ᠲᠤᠳᠤᠵᠢᠷᠭᠠᠯ ᠤᠨ ᠲᠤᠬᠠᠢ ᠰᠤᠷᠪᠤᠯᠵᠢᠯᠠᠭ᠎ᠠ | ᠦᠷᠯᠦᠬᠡ ᠶᠢᠨ 5 - 6 ᠴᠠᠭ ᠠᠴᠠ ᠦᠳᠡᠰᠢ ᠶᠢᠨ 8 - 9 ᠴᠠᠭ᠂ ᠨᠡᠩ ᠴᠤ ᠵᠢᠯ ᠰᠢᠨ᠎ᠡ ᠶᠢᠨ | ᠬᠦᠭᠵᠢᠶᠡᠨᠲᠦ ᠦᠶ᠎ᠡ ᠳᠤ ᠰᠦᠨᠢ ᠲᠦᠯᠢ ᠪᠤᠯᠲᠠᠯ᠎ᠠ ᠪᠤᠷᠪᠢ ᠪᠤᠬᠢᠰᠬᠢᠯ ᠦᠬᠡᠢ ᠠᠵᠢᠯᠯᠠᠬᠤ ᠪᠤᠯ ︽ᠮᠠᠯᠴᠢᠨ ᠴᠠᠭᠠᠨ | ᠢᠳᠡᠭᠡᠨ ᠤ ᠲᠡᠯᠬᠡᠬᠦᠷ︾ ᠪᠠ ︽ᠯᠦᠩ ᠵᠢᠶᠠᠨ ᠴᠠᠢ︾ ᠶᠢᠨ ᠰᠢᠭᠤᠳ ᠪᠤᠷᠤᠯᠠᠭᠤᠯᠭ᠎ᠠ ᠡᠷᠬᠢᠯᠡᠵᠦ ᠪᠠᠶᠢᠭ᠎ᠠ | ᠲᠤᠳᠤᠵᠢᠷᠭᠠᠯ ᠰᠡᠴᠡᠨᠲᠤᠩᠭᠠᠯᠠᠭ ᠬᠤᠶᠠᠷ ᠤᠨ 8 ᠵᠢᠯ ᠤᠨ ᠲᠤᠷᠰᠢᠳᠠ ᠪᠠᠷᠢᠮᠳᠠᠯᠠᠬᠰᠠᠭᠠᠷ ᠢᠷᠡᠭᠰᠡᠨ ᠵᠤᠷᠰᠢᠯ ᠪᠤᠯᠵᠠᠢ | ᠃ ᠴᠤᠬᠤᠮ ᠴᠤ ︽ᠭᠡᠷ ᠤᠨ ᠪᠠᠷ᠎ᠠ ᠬᠠᠷᠠᠳᠠᠭ ᠦᠬᠡᠢ᠂ ᠬᠦᠮᠦᠨ ᠤ ᠪᠠᠷ᠎ᠠ ᠬᠠᠷᠠᠵᠤ ᠰᠠᠭᠤᠳᠠᠭ ᠯᠠ︾ ᠡᠨᠡ ᠨᠢᠬᠡᠨ | ᠠᠳᠠᠯ ᠦᠢᠯᠡᠰ ᠢ ᠤᠳᠠᠭᠠᠨ ᠵᠢᠯ ᠲᠠᠭᠠᠭᠠᠮᠠᠭᠠᠢ ᠬᠢᠵᠦ ᠢᠷᠡᠭᠰᠡᠨ ᠢᠶᠠᠷ ᠢᠶᠠᠨ ᠲᠡᠳᠡ ᠪᠤᠰᠤᠳ ᠠᠴᠠ ᠢᠯᠠᠭᠠᠷᠠᠨᠠ᠃ | | | | 2003 ᠤᠨ ᠤ ᠬᠠᠪᠤᠷ ᠴᠢᠪᠠᠭ᠎ᠠ ᠪᠠᠯᠭᠠᠰᠤᠨ ᠳᠤ ᠭᠡᠷ ᠪᠦᠯᠢ ᠪᠠᠷ ᠢᠶᠠᠨ ᠨᠡᠬᠦᠨ ᠢᠷᠡᠭᠰᠡᠨ | ᠲᠤᠳᠤᠵᠢᠷᠭᠠᠯ ᠰᠡᠴᠡᠨᠲᠤᠩᠭᠠᠯᠠᠭ ᠬᠤᠶᠠᠷ᠂ ᠬᠠᠭᠤᠴᠢᠨ ᠲᠡᠷᠭᠡᠨ ᠦᠷᠳᠡᠭᠡᠨ ᠤ ᠡᠰᠡᠷᠬᠦ ᠲᠠᠯ᠎ᠠ ᠳᠤ 20 ᠬᠡᠳᠦᠨ | ᠲᠡᠭᠰᠢ ᠲᠦᠷᠪᠡᠯᠵᠢᠨ ᠮᠧᠲᠷ ᠤᠨ ᠲᠠᠯᠠᠪᠠᠢ ᠲᠠᠢ ᠬᠤᠳᠠᠯᠳᠤᠭᠠᠨ ᠤ ᠭᠡᠷ ᠢ ᠵᠢᠯ ᠤᠨ 12000 ᠲᠦᠭᠦᠷᠢᠭ ᠢᠶᠠᠷ | ᠲᠦᠷᠢᠶᠡᠰᠦᠯᠡᠵᠦ᠂ 5000 ᠢᠯᠡᠬᠦᠦ ᠲᠦᠭᠦᠷᠢᠭ ᠤᠨ ᠪᠡᠯᠡ ᠤᠷᠤᠭᠤᠯᠤᠨ᠂ ᠬᠤᠶᠠᠷ ᠭᠤᠷᠪᠠᠨ ᠤᠭᠤᠲᠠ ᠮᠤᠩᠭᠤᠯ | ᠠᠮᠤ᠂ ᠨᠤᠳᠤᠭ ᠤᠨ ᠦᠨᠢᠶᠡᠨ ᠤ ᠰᠦ ᠪᠠᠷ ᠡᠳ᠋ᠰᠢᠬᠦᠯᠦᠭᠰᠡᠨ ᠬᠤᠷᠤᠳ᠂ ᠰᠢᠷ᠎ᠠ ᠲᠤᠰᠤ ᠡᠬᠢᠯᠡᠨ ᠬᠤᠳᠠᠯᠳᠤᠵᠤ᠂ | ᠴᠠᠭᠠᠨ ᠢᠳᠡᠭᠡᠨ ᠤ ᠲᠡᠯᠭᠡᠭᠦᠷ ᠢᠶᠠᠨ ᠡᠵᠡᠩᠨᠡᠵᠦ ᠡᠬᠢᠯᠡᠵᠡᠢ᠃ ᠲᠠᠨᠢᠵᠤ ᠮᠡᠳᠡᠬᠦ ᠬᠦᠮᠦᠨ ᠪᠠᠭ᠎ᠠ᠂ ᠵᠠᠬ᠎ᠠ ᠲᠡᠯᠬᠡᠭᠦᠷ | ᠲᠤ ᠠᠩᠬ᠎ᠠ ᠬᠦᠯ ᠲᠦᠷᠢᠵᠦ ᠪᠠᠶᠢᠭ᠎ᠠ ᠶᠢᠨ ᠲᠡᠭᠡᠷ᠎ᠡ ᠲᠤᠬᠠᠢ ᠶᠢᠨ ᠵᠢᠯ ᠶᠠᠭ ︽ᠰᠠᠷᠰ ᠠᠭᠤᠰᠬᠢᠨ ᠬᠠᠯᠳᠠᠪᠤᠷᠢᠳᠤ | ᠡᠪᠡᠳᠴᠢᠨ︾ ᠡᠬᠦᠰᠦᠭᠰᠡᠨ ᠦᠶ᠎ᠡ ᠲᠤᠬᠢᠶᠠᠯᠳᠤᠭᠰᠠᠨ ᠤ ᠨᠦᠯᠦᠭᠡ ᠪᠠᠷ ᠨᠢᠭᠡᠳᠦᠬᠡᠷ ᠵᠢᠯ ᠤᠨ ᠤᠷᠤᠯᠭ᠎ᠠ ᠨᠢ ᠲᠡᠶᠢᠮᠦ | ᠶᠡᠭᠡ ᠪᠢᠰᠢ ᠪᠠᠶᠢᠪᠠ᠃ ᠲᠤᠬᠠᠢ ᠶᠢᠨ ᠵᠢᠯ ᠪᠠᠰᠠ ᠴᠠᠭᠠᠨ ᠢᠳᠡᠭᠡᠨ ᠤ ᠲᠡᠯᠭᠡᠭᠦᠷ ᠲᠠᠢ ᠪᠠᠨ ᠵᠡᠷᠭᠡᠴᠡᠭᠰᠡᠨ ᠪᠠᠰᠠ | ᠨᠢᠬᠡ ᠬᠤᠳᠠᠯᠳᠤᠭᠠᠨ ᠤ ᠬᠡᠷ ᠢ ᠲᠦᠷᠢᠶᠡᠰᠦᠯᠡᠨ ︽ᠯᠦᠩ ᠵᠢᠶᠠᠨ ᠴᠠᠢ︾ ᠶᠢ ᠰᠢᠭᠤᠳ ᠪᠤᠷᠤᠯᠠᠭᠤᠯᠵᠤ ᠡᠬᠢᠯᠡᠵᠡᠢ᠃ | ᠬᠤᠶᠠᠳᠤᠭᠠᠷ ᠵᠢᠯ ᠳᠤ ᠨᠢ ᠲᠡᠯᠭᠡᠭᠦᠷ ᠢ ᠨᠢ ᠲᠠᠨᠢᠵᠤ ᠮᠡᠳᠡᠬᠦ ᠬᠦᠮᠦᠨ ᠬᠠᠷ᠎ᠠ ᠴᠤ ᠠᠷᠪᠢᠳᠴᠤ᠂ ᠮᠠᠶᠢᠮᠠᠢ ᠶᠢᠨ | ᠵᠠᠮ ᠳᠤ ᠪᠠᠨ ᠰᠢᠭᠤᠳᠤᠨ᠂ ᠪᠦᠬᠡᠮ ᠢᠶᠠᠷ ᠪᠤᠷᠤᠯᠠᠭᠤᠯᠬᠤ ᠶᠢ ᠴᠤ ᠬᠠᠪᠰᠤᠷᠭᠠᠨ ᠬᠢᠵᠡᠢ᠃ | ᠪᠦᠬᠦ ᠬᠤᠰᠢᠭᠤ ᠬᠡᠪᠴᠢᠶᠡᠨ ᠤ ᠮᠠᠯᠵᠢᠬᠤ ᠰᠤᠮᠤ ᠭᠠᠴᠠᠭ᠎ᠠ ᠶᠢᠨ ᠵᠢᠵᠢᠭ ᠬᠤᠳᠠᠯᠳᠤᠭ᠎ᠠ ᠶᠢᠨ ᠬᠢᠨ ᠪᠦᠷ | ᠲᠡᠳᠡᠨ ᠤ ᠲᠡᠯᠭᠡᠭᠦᠷ ᠠᠴᠠ ᠪᠦᠬᠡᠮ ᠢᠶᠠᠷ ᠪᠠᠷᠠᠭ᠎ᠠ ᠠᠪᠴᠦ ᠪᠠᠶᠢᠵᠠᠢ᠃ ᠡᠶᠢᠨᠬᠦ ᠵᠢᠯ ᠢᠷᠡᠬᠦ ᠲᠤᠳᠤᠮ ᠠᠷᠠᠯᠵᠢᠶ᠎ᠠ | ᠮᠠᠶᠢᠮᠠᠢ ᠨᠢ ᠦᠭᠡᠳᠡᠯᠡᠨ ᠤᠷᠤᠯᠭ᠎ᠠ ᠨᠢ ᠨᠡᠮᠡᠭᠳᠡᠭᠰᠡᠨ ᠢᠶᠠᠷ ᠪᠠᠷᠠᠬᠤ ᠦᠬᠡᠢ ᠪᠤᠷᠤᠯᠠᠭᠤᠯᠭ᠎ᠠ ᠶᠢᠨ ᠬᠡᠪᠴᠢᠶ᠎ᠡ ᠨᠢ ᠨᠡᠩ | ᠦᠷᠭᠡᠳᠴᠦ᠂ ᠬᠤᠰᠢᠭᠤᠨ ᠭᠠᠳᠠᠨᠠᠬᠢ ᠡᠯ᠎ᠡ ᠠᠶᠢᠮᠠᠭ ᠬᠤᠳᠠ ᠪᠠᠷ᠂ ᠵᠢᠱᠢᠶᠡᠯᠡᠪᠡᠯ ᠤᠯᠠᠭᠠᠨᠴᠠᠪ ᠠᠶᠢᠮᠠᠭ᠂ | ᠤᠷᠳᠤᠰ ᠠᠴᠠ ᠭᠠᠳᠠᠨ᠎ᠠ ᠤᠷᠤᠨ ᠤ ᠲᠥᠪ ᠬᠦᠬᠡᠬᠤᠳᠠ ᠵᠢᠴᠢ ᠮᠤᠩᠭᠤᠯ ᠤᠯᠤᠰ ᠲᠤ ᠴᠤ ᠪᠦᠬᠡᠮ ᠢᠶᠠᠷ | ᠪᠤᠷᠤᠯᠠᠭᠤᠯᠬᠤ ᠪᠤᠯᠤᠬᠰᠠᠨ ᠪᠠᠶᠢᠨ᠎ᠠ᠃ | | | | ᠬᠤᠷᠤᠳ ᠲᠤᠰᠤ ᠦᠷᠦᠮ᠎ᠡ ᠠᠶᠢᠷᠠᠭ ᠴᠠᠭ᠎ᠠ ᠲᠠᠷᠠᠭ ᠴᠡᠭᠡ ᠴᠦᠴᠦᠬᠡᠢ ᠴᠠᠷᠴᠠᠭᠠᠭᠰᠠᠨ ᠪᠤᠳᠠᠭ᠎ᠠ | ᠬᠦᠭᠡᠷᠦᠬᠦᠯᠦᠭᠰᠡᠨ ᠦᠷᠦᠮ᠎ᠡ᠂ ᠡᠭᠡᠵᠡᠬᠡᠢ᠂ ᠠᠭᠠᠷᠤᠤᠯ ᠭᠡᠳ ᠬᠦᠳᠡᠭᠡ ᠶᠢᠨ ᠴᠤᠯ ᠪᠠᠶᠢᠭᠠᠯᠢᠯᠢᠭ ᠴᠠᠭᠠᠨ ᠢᠳᠡᠭᠡᠨ ᠤ | ᠲᠦᠷᠦᠯ ᠪᠦᠷ ᠪᠠᠶᠢᠬᠤ ᠶᠢᠨ ᠬᠠᠮᠳᠤ ᠰᠠᠭᠠᠯᠢ ᠶᠢᠨ ᠦᠨᠢᠶᠡᠨ ᠤ ᠬᠤᠷᠤᠳ ᠲᠤᠰᠤ ᠦᠷᠦᠮ᠎ᠡ ᠶᠢ ᠴᠤ ᠪᠤᠷᠤᠯᠠᠭᠤᠯᠵᠤ | ᠪᠠᠶᠢᠭ᠎ᠠ᠃ | ᠲᠡᠯᠭᠡᠬᠦᠷ ᠡᠵᠡᠩᠨᠡᠭᠰᠡᠨ ᠴᠠᠭ ᠨᠢ ᠤᠷᠳᠤ ᠮᠦᠷᠳᠡᠭᠡᠨ ᠴᠢᠨᠠᠷ ᠢ ᠪᠠᠳᠤᠯᠠᠵᠤ ᠢᠷᠡᠭᠰᠡᠨ ᠪᠤᠯᠬᠤᠷ ᠡᠭᠡᠨ | ᠡᠭᠡᠨ ᠢᠷᠡᠳᠡᠭ ᠮᠡᠳᠡᠭᠡ ᠬᠠᠷᠠᠭᠠᠨ ᠤ ᠤᠳᠠᠭᠠᠨ ᠵᠢᠯ ᠤᠨ ᠬᠡᠷᠡᠭᠯᠡᠭᠴᠢᠳ ᠪᠠ ᠪᠦᠬᠡᠮ ᠢᠶᠠᠷ ᠠᠪᠬᠤ ᠬᠡᠷᠡᠭᠯᠡᠭᠴᠢᠳ | ᠤᠯᠠᠨ ᠪᠠᠶᠢᠵᠤ ᠪᠤᠷᠤᠯᠠᠭᠤᠯᠭ᠎ᠠ ᠰᠠᠶᠢᠲᠠᠢ᠃ | ᠡᠮᠦᠨ᠎ᠡ 10 ᠵᠢᠯ ᠳᠤ ᠵᠢᠯ ᠤᠨ ᠴᠡᠪᠡᠷ ᠤᠷᠤᠯᠭ᠎ᠠ ᠠᠷᠪᠠᠨ ᠲᠦᠮᠡ ᠶᠢ ᠳᠠᠪᠠᠵᠤ ᠪᠠᠶᠢᠬᠰᠠᠨ ᠢᠶᠠᠨ ᠤᠳᠤ | ᠪᠤᠯ ᠵᠢᠯ ᠤᠨ 30 ᠲᠦᠮᠡ ᠶᠢᠨ ᠴᠡᠪᠡᠷ ᠤᠷᠤᠯᠭ᠎ᠠ ᠲᠠᠢ ᠪᠤᠯᠵᠤ ᠬᠦᠭᠵᠢᠵᠡᠢ᠃ ᠮᠠᠶᠢᠮᠠᠢ ᠶᠢᠨ ᠢᠳᠡ ᠬᠦᠭ ᠤᠨ | ᠦᠶ᠎ᠡ ᠳᠤ ᠪᠤᠯ ᠨᠢᠬᠡ ᠡᠳᠦᠷ ᠲᠤ ᠬᠤᠶᠠᠷ ᠠᠴᠠ ᠭᠤᠷᠪᠠᠨ ᠲᠦᠮᠡ ᠶᠢᠨ ᠪᠠᠷᠠᠭ᠎ᠠ ᠬᠤᠳᠠᠯᠳᠤᠨ᠎ᠠ᠃ ᠬᠤᠳᠠ | ᠬᠦᠳᠡᠭᠡ ᠶᠢᠨ ᠮᠠᠯᠴᠢᠳ ᠭᠤᠤᠯᠳᠠᠭᠤ ᠴᠠᠭᠠᠨ ᠢᠳᠡᠭᠡᠨ ᠠᠪᠤᠨ᠎ᠠ᠃ | ᠪᠠᠶᠠᠷ ᠨᠠᠶᠢᠷ ᠤᠨ ᠦᠶ᠎ᠡ ᠳᠤ ᠪᠡᠯᠡᠭ ᠵᠠᠷᠤᠳᠠᠯ ᠤᠨ ᠦᠶ᠎ᠡ ᠳᠤ ᠮᠠᠶᠢᠮᠠᠢ ᠶᠡᠭᠡ ᠭᠠᠷᠤᠨ᠎ᠠ᠃ | ᠤᠶᠢᠷ᠎ᠠ ᠶᠢᠨ ᠬᠤᠶᠠᠷ ᠵᠢᠯ ᠸᠢᠴᠠᠲ ᠤᠨ ᠪᠠᠷᠠᠭ᠎ᠠ ᠵᠠᠬᠢᠶᠠᠯᠠᠭ᠎ᠠ ᠶᠢ ᠴᠤ ᠪᠠᠭ᠎ᠠ ᠪᠤᠰᠤ ᠲᠤᠰᠴᠤ᠂ ᠲᠦᠷᠭᠡᠨ | ᠭᠤᠪᠢᠭᠤᠯᠭ᠎ᠠ ᠪᠠᠷ ᠭᠤᠸᠠᠩᠵᠸᠦ᠂ ᠬᠦᠬᠡᠬᠤᠳᠠ᠂ ᠤᠯᠠᠭᠠᠨᠬᠠᠳᠠ᠂ ᠤᠯᠠᠭᠠᠨᠴᠠᠪ᠂ ᠤᠷᠳᠤᠰ ᠵᠡᠷᠬᠡ ᠭᠠᠳᠠᠷ | ᠤᠷᠤᠨ ᠨᠤᠭᠤᠳ ᠢᠶᠠᠷ ᠰᠢᠭᠤᠳ ᠶᠠᠪᠤᠭᠤᠯᠵᠤ ᠪᠠᠶᠢᠭ᠎ᠠ᠃ | ᠴᠠᠭᠠᠨ ᠢᠳᠡᠭᠡᠨ ᠪᠠ ᠴᠠᠢ ᠪᠠᠨ ᠪᠦᠬᠡᠮ ᠢᠶᠠᠷ ᠪᠤᠷᠤᠯᠠᠭᠤᠯᠵᠤ ᠪᠠᠶᠢᠭ᠎ᠠ ᠨᠢ ᠲᠡᠳᠡ ᠬᠤᠶᠠᠷ ᠤᠨ | ᠤᠯᠠᠨ ᠠᠴᠠ ᠤᠨᠴᠠᠯᠢᠭᠳᠠᠬᠤ ᠲᠠᠯ᠎ᠠ ᠪᠤᠯᠤᠨ᠎ᠠ᠃ | ᠤᠳᠠᠭᠠᠨ ᠲᠠᠭᠠᠭᠠᠮᠠᠭᠠᠢ ᠭᠡᠳᠡᠭ ᠦᠬᠡ ᠶᠢ ᠤᠷᠲᠤ ᠵᠠᠮ ᠤᠨ ᠠᠶᠠᠨ ᠲᠠᠶᠢᠨ ᠤ ᠦᠶ᠎ᠡ ᠳᠤ ᠬᠡᠯᠡᠳᠡᠭ | ᠪᠠᠶᠢᠬᠰᠠᠨ᠂ ᠡᠨᠡ ᠦᠬᠡ ᠶᠢ ᠦᠨᠦ ᠲᠤᠩᠭᠠᠬᠤ ᠳᠤ ᠬᠦᠮᠦᠨ ᠤ ᠵᠠᠩ ᠠᠷᠠᠨᠰᠢᠨ ᠢ ᠰᠢᠯᠭᠠᠬᠤ ᠲᠡᠰᠪᠦᠷᠢ ᠲᠡᠪᠴᠢᠶᠡᠷᠢ | ᠭᠡᠳᠡᠭ ᠶᠠᠭᠤᠮ᠎ᠠ ᠠᠯᠢᠪᠠ ᠠᠳᠠᠯ ᠬᠦᠳᠡᠯᠮᠦᠷᠢ ᠠᠵᠢᠯ ᠦᠢᠯᠠᠰ ᠲᠡᠭᠡᠷ᠎ᠡ ᠪᠦᠷ ᠬᠡᠷᠡᠭᠯᠡᠭᠳᠡᠳᠡᠭ ᠪᠠᠶᠢᠨ᠎ᠠ ᠬᠡᠵᠦ | ᠬᠠᠵᠠᠭᠤ ᠠᠴᠠ ᠨᠢ ᠨᠠᠳᠠ ᠪᠤᠳᠤᠭᠳᠠᠵᠤ ᠪᠠᠶᠢᠨ᠎ᠠ᠃ | ᠴᠠᠭᠠᠨ ᠢᠳᠡᠭᠡᠨ ᠤ ᠲᠠᠸᠠᠷ ᠤᠨ ᠢᠶᠠᠨ ᠴᠢᠨᠠᠷ ᠢ ᠤᠯᠠᠮ ᠪᠠᠳᠤᠯᠠᠨ᠂ ᠦᠷᠭᠡᠨ ᠤᠯᠠᠨ ᠬᠡᠷᠡᠭᠯᠡᠭᠴᠢᠳ ᠤᠨ | ᠴᠠᠭᠠᠨ ᠢᠳᠡᠭᠡᠨ ᠤ ᠬᠡᠷᠡᠭᠴᠡᠭᠡ ᠶᠢ ᠬᠠᠩᠭᠠᠬᠤ ᠪᠤᠯ ᠲᠤᠳᠤᠵᠢᠷᠭᠠᠯ᠂ ᠰᠡᠴᠡᠨᠲᠤᠩᠭᠠᠯᠠᠭ ᠬᠤᠶᠠᠷ ᠤᠨ ᠠᠷᠠᠯᠵᠢᠶ᠎ᠠ | ᠮᠠᠶᠢᠮᠠᠢ ᠪᠠᠨ ᠬᠦᠭᠵᠢᠬᠦᠯᠬᠦ ᠶᠢᠨ ᠬᠤᠵᠢᠮ ᠤᠨ ᠬᠠᠨᠳᠤᠰᠢ ᠪᠤᠯᠤᠨ᠎ᠠ᠃ | | | | ᠤᠯᠠᠨ ᠵᠢᠯ ᠤᠨ ᠲᠤᠷᠰᠢ ᠲᠡᠳᠡᠨ ᠤ ᠦᠬᠡᠳᠡ ᠠᠮᠢᠳᠤᠷᠠᠯ ᠢ ᠲᠤᠯᠵᠦ ᠢᠷᠡᠭᠰᠡᠨ ᠤᠳᠠᠭᠠᠨ ᠳᠠᠭᠠᠭᠠᠮᠠᠭᠠᠢ | ᠲᠡᠰᠪᠤᠷᠢ ᠲᠡᠪᠴᠢᠶᠡᠷᠢ ᠠᠴᠠ ᠥᠭᠡᠷ᠎ᠡ ᠨᠢᠭᠡᠨ ᠬᠦᠴᠤᠨ ᠵᠦᠢᠯ ᠭᠡᠪᠠᠯ ︽ᠢᠳᠡᠬᠡᠯ ᠨᠠᠶᠢᠳᠠᠪᠤᠷᠢ︾ ᠪᠤᠯᠤᠨ᠎ᠠ᠃ | ᠲᠡᠳᠠᠨ ᠤ ᠪᠠᠷᠠᠭ᠎ᠠ ᠲᠠᠸᠠᠷ ᠴᠢᠨᠡᠷᠯᠢᠭ᠋ ᠰᠠᠶᠢᠨ ᠠᠴᠠ ᠭᠠᠳᠠᠨ᠎ᠠ ᠡᠵᠡᠩᠨᠡᠭᠴᠢ ᠪᠤᠯᠤᠭᠰᠠᠨ ᠰᠡᠴᠠᠨᠳᠦᠩᠭᠠᠯᠠᠭ | ᠲᠤᠳᠤᠵᠢᠷᠭᠠᠯ ᠬᠤᠶᠡᠷ ᠤᠨ ᠬᠦᠮᠦᠨ ᠴᠢᠨᠡᠷ᠂ ᠢᠳᠡᠬᠡᠯ ᠨᠠᠶᠢᠳᠠᠪᠤᠷᠢ ᠤᠯᠠᠨ ᠵᠢᠯ ᠤᠨ ᠲᠤᠷᠰᠢ ᠬᠡᠷᠡᠭᠯᠡᠭᠴᠢᠳ ᠤᠨ | ᠢᠶᠠᠨ ᠰᠡᠳᠬᠢᠯ ᠳᠤ ᠨᠢᠭᠡᠨᠳᠡ ᠪᠠᠶᠢᠷᠢ ᠰᠠᠭᠤᠷᠢ ᠪᠠᠨ ᠡᠵᠡᠯᠡᠴᠢᠬᠡᠭᠰᠡᠨ ᠲᠠᠢ ᠬᠤᠯᠪᠤᠭ᠎ᠠ ᠲᠠᠢ ᠠᠵᠢ᠃ | ᠨᠢᠭᠡᠨ ᠤᠳᠠᠭ᠎ᠠ ᠡᠳᠡᠨ ᠤ ᠠᠯᠳᠠ ᠮᠦᠩᠬᠦ ᠱᠢᠷᠦ ᠰᠤᠪᠤᠳ ᠤᠨ ᠲᠡᠯᠭᠡᠭᠦᠷ ᠲᠤ ᠨᠢ ᠨᠢᠭᠡᠨ ᠨᠠᠶᠢᠵᠠ | ᠪᠤᠭᠴᠤ ᠪᠠᠨ ᠮᠠᠷᠲᠠᠭᠠᠳ ᠶᠠᠪᠤᠭᠰᠠᠨ ᠶᠤᠮ ᠪᠠᠶᠢᠨ᠎ᠠ᠃ ᠲᠡᠷᠡ ᠪᠤᠭᠴᠤᠨ ᠳᠠᠬᠢ ᠪᠡᠯᠡ ᠮᠦᠩᠬᠦ᠂ ᠭᠠᠷᠲᠠᠮ ᠪᠠᠷᠢᠮᠲᠠ᠂ | ᠵᠠᠰᠠᠯ ᠵᠢᠮᠰᠡᠭ ᠢ ᠵᠣᠭᠤᠰ ᠢᠶᠠᠷ ᠨᠤᠭᠤᠯᠤᠨ ᠪᠤᠳᠤᠪᠠᠯ ᠨᠡᠯᠢᠶᠡᠳ ᠬᠡᠳᠦᠨ ᠲᠦᠮᠡᠨ ᠲᠦᠭᠦᠷᠢᠭ ᠬᠦᠷᠬᠦ ᠪᠤᠯᠬᠤᠷ | ᠭᠡᠭᠡᠭᠰᠡᠨ ᠡᠵᠡᠨ ᠠᠴᠠ ᠨᠢ ᠢᠯᠡᠭᠦᠲᠡᠢ ᠰᠠᠨᠠᠭ᠎ᠠ ᠪᠤᠯᠤᠬᠰᠠᠨ ᠲᠤᠳᠤᠵᠢᠷᠭᠠᠯ ᠰᠡᠴᠡᠨᠲᠤᠩᠭᠠᠯᠠᠭ ᠪᠠᠷ ︽ᠶᠠᠭᠠᠬᠢᠵᠤ | ᠰᠠᠨᠳᠤᠷᠴᠤ ᠪᠠᠶᠢᠬᠤ ᠶᠢ ᠪᠦᠦ ᠮᠡᠳᠡ︾ ᠬᠡᠵᠦ ᠬᠤᠷᠢᠨ ᠲᠦᠷᠪᠡᠨ ᠴᠠᠭ ᠲᠠᠮᠵᠢᠭᠤᠯᠤᠭᠠᠳ ᠡᠵᠡᠨ ᠢ ᠨᠢ ᠤᠯᠤᠬᠰᠠᠨ | ᠦᠬᠡᠢ ᠪᠠᠶᠢᠯ᠎ᠠ᠂ ᠲᠠᠷᠠᠭ᠎ᠠ ᠡᠳᠦᠷ ᠨᠢ ᠠᠷᠭ᠎ᠠ ᠪᠤᠰᠤ ᠲᠡᠯᠬᠡᠭᠦᠷ ᠤᠨ ᠲᠤᠷᠠᠨᠳᠠᠭᠤᠷ ᠢᠶᠠᠨ ᠨᠡᠬᠡᠬᠡᠵᠦ ᠬᠤᠶᠠᠷ | ᠡᠳᠦᠷ ᠤᠨ ᠲᠤᠷᠰᠢᠬᠢ ᠲᠡᠯᠬᠡᠬᠦᠷ ᠲᠤ ᠨᠢ ᠢᠷᠡᠵᠦ ᠮᠠᠶᠢᠮᠠᠢ ᠬᠢᠭᠰᠡᠨ ᠬᠦᠮᠦᠰ ᠢ ᠨᠢᠬᠡ ᠨᠢᠬᠡ ᠪᠠᠷ ᠦᠵᠡᠵᠦ ᠰᠢᠬᠯᠠᠯᠠ | ᠃ ᠦᠵᠡᠵᠦ ᠪᠠᠶᠢᠳᠠᠯ᠎ᠠ ᠠᠰᠢᠬᠦᠢ ᠪᠤᠭᠴᠤᠨ ᠤ ᠡᠵᠡᠨ ᠢ ᠤᠯᠤᠭᠠᠳ ᠠᠪᠬᠤ ᠨᠢ ᠲᠡᠷᠡ᠂ ᠭᠡᠪᠡᠴᠦ ᠬᠦᠮᠦᠨ ᠢ ᠨᠢ | ᠦᠵᠡᠵᠦ ᠪᠠᠶᠢᠬᠰᠠᠨ ᠠᠴᠠ ᠪᠢᠰᠢ ᠬᠠᠮᠢᠭᠠᠬᠢ᠂ ᠬᠡᠨ ᠬᠡᠰᠡᠨ ᠢ ᠨᠢ ᠮᠡᠳᠡᠬᠦ ᠦᠬᠡᠢ ᠪᠤᠯᠬᠤᠷ ︽ᠰᠠᠨᠳᠤᠷᠠᠭᠰᠠᠨ | ᠬᠦᠮᠦᠨ ᠰᠠᠮᠪᠠᠭ᠎ᠠ ᠲᠦᠷᠦᠭᠳᠡᠨ᠎ᠡ︾ ᠬᠡᠵᠦ᠂ ᠵᠡᠷᠭᠡᠯᠡᠳᠡᠭᠡ ᠬᠢ ᠭᠡᠷ ᠤᠨ ᠮᠤᠩᠭᠤᠯ ᠤᠶᠤᠳᠠᠯᠴᠢᠨ ᠬᠠᠰᠬᠦᠦ ᠪᠠᠷ | ᠲᠤᠷᠠᠨᠳᠠᠭᠤᠷ ᠲᠤ ᠢᠯᠡᠷᠡᠭᠰᠡᠨ ᠬᠦᠮᠦᠨ ᠢ ᠦᠵᠡᠬᠦᠯᠦᠭᠰᠡᠨ ᠴᠢᠨᠢ ᠬᠠᠷᠢᠨ ᠶᠠᠭ ᠲᠡᠭᠦᠨ ᠤ ᠲᠠᠨᠢᠬᠤ ᠬᠦᠮᠦᠨ | ᠲᠠᠭᠠᠷᠠᠵᠤ᠂ ᠰᠡᠴᠡᠨᠲᠤᠩᠭᠠᠯᠠᠭ ᠤᠨ ᠤᠶᠢᠷ᠎ᠠ ᠰᠠᠳᠤᠨ ᠪᠤᠯᠬᠤ ᠲᠡᠮᠦᠷ᠎ᠡ ᠪᠠᠷ ᠲᠠᠮᠵᠢᠭᠤᠯᠵᠤ ᠶᠠᠭᠤᠮ᠎ᠠ ᠶᠢᠨ ᠡᠵᠡᠨ | ᠲᠠᠢ ᠤᠳᠠᠰᠤ ᠪᠠᠷ ᠨᠡᠪᠲᠡᠷᠡᠭᠰᠡᠨ ᠳᠤ ᠬᠠᠷᠢᠨ ︽ᠶᠠᠮᠠᠷ ᠪᠤᠭᠴᠤ︖ ᠶᠠᠭᠤᠨ ᠤ ᠶᠠᠭᠤᠮ᠎ᠠ︖︾ ᠭᠡᠳ ᠶᠠᠭᠤᠮ᠎ᠠ | ᠪᠠᠨ ᠬᠡᠭᠡᠭᠰᠡᠨ ᠬᠦᠮᠦᠨ ᠬᠠᠷᠢᠨ ᠮᠡᠳᠡᠬᠦ ᠴᠤ ᠦᠬᠡᠢ ᠪᠠᠶᠢᠬᠰᠠᠨ ᠠᠵᠢ᠃ ᠰᠤᠷᠪᠤᠯᠵᠢᠯᠠᠬᠴᠢ ᠡᠨᠡ ᠰᠦᠪᠡᠭᠴᠢ ᠪᠠᠷ | ᠲᠤᠤᠳᠠᠨ ᠰᠤᠮᠤ ᠶᠢᠨ ᠡᠷᠳᠡᠨᠢᠬᠤᠸᠠ ᠲᠤᠭᠤᠶᠢᠯᠠᠩ ᠤᠨ ᠲᠡᠯᠭᠡᠷᠴᠡᠴᠡᠭ ᠤᠨ ᠠᠰ ᠤᠨ ᠸᠢᠴᠠᠲ ᠢᠶᠠᠷ ᠬᠠᠷᠢᠯᠴᠠᠵᠤ | ᠪᠠᠶᠢᠳᠠᠯ ᠢ ᠨᠢ ᠨᠡᠩ ᠲᠤᠳᠤᠷᠬᠠᠢ ᠪᠤᠯᠭᠠᠪᠠ᠃ | ᠲᠡᠯᠭᠡᠷᠴᠡᠴᠡᠭ᠄ ︽ᠴᠤᠬᠤᠮ ᠰᠠᠶᠢᠨ ᠬᠦᠮᠦᠰ ᠲᠠᠭᠠᠷᠠᠵᠠᠢ︾ ᠬᠡᠵᠦ ᠬᠡᠳᠦᠨᠳᠡ ᠲᠠᠪᠳᠠᠨ ᠶᠠᠷᠢᠬᠤ ᠶᠢᠨ | ᠲᠠᠭᠠᠤ ︽ᠲᠡᠳᠡᠭᠡᠷ ᠡᠳ᠋ ᠡᠷᠳᠡᠨᠢᠰ ᠤᠨ ᠲᠤᠳᠤᠷ᠎ᠠ ᠮᠢᠨᠦ ᠡᠮᠧ ᠶᠢᠨ ᠵᠡᠬᠦᠵᠦ ᠪᠠᠶᠢᠭᠰᠠᠨ ᠡᠷᠳᠡᠨ ᠤ ᠤᠯᠠᠮᠵᠢᠯᠠᠯᠲᠤ | ᠱᠢᠷᠦ ᠰᠤᠪᠤᠳ ᠤᠨ ᠵᠠᠰᠠᠯ ᠴᠤ ᠪᠠᠶᠢᠬᠰᠠᠨ ᠪᠦᠭᠡᠳ ᠪᠦᠷ ᠵᠢᠩᠬᠢᠨᠢ ᠦᠨ᠎ᠡ ᠪᠡᠨ᠎ᠡ ᠲᠠᠢ ᠵᠦᠢᠯᠡᠰ ᠶᠤᠮ ᠰᠢᠦ︕ | ᠶᠠᠭᠤᠮ᠎ᠠ ᠪᠠᠨ ᠲᠠᠨᠢᠵᠤ ᠠᠪᠬᠤ ᠪᠠᠷ ᠣᠴᠢᠭᠠᠳ ᠶᠠᠭᠠᠬᠢᠵᠤ ᠲᠠᠯᠠᠷᠬᠠᠬᠤ ᠪᠠᠨ ᠮᠡᠳᠡᠬᠦ ᠦᠬᠡᠢ ᠪᠢ ᠴᠢᠨᠢ ᠵᠤᠭᠤᠰ | ᠮᠦᠩᠬᠦ ᠦᠯᠡᠳᠡᠭᠡᠶ᠎ᠡ ᠭᠡᠰᠡᠨ ᠴᠢᠨᠢ ᠶᠡᠷᠦ ᠬᠠᠯᠠᠭᠠᠭᠰᠠᠨ ᠦᠬᠡᠢ᠃︾ ᠬᠡᠵᠦ ᠰᠤᠷᠪᠤᠯᠵᠢᠯᠠᠬᠴᠢ ᠳᠤ ᠶᠠᠷᠢᠯ᠎ᠠ᠃ | ᠡᠬᠦᠨ ᠢ ᠰᠤᠨᠤᠰᠤᠭᠠᠳ ᠰᠤᠷᠪᠤᠯᠵᠢᠯᠠᠬᠴᠢ ᠪᠠᠰᠠ ᠲᠤᠳᠤᠵᠢᠷᠭᠠᠯ᠂ ᠰᠡᠴᠡᠨᠲᠤᠩᠭᠠᠯᠠᠭ ᠬᠤᠶᠠᠷ ᠠᠵᠤ | ᠠᠬᠤᠶᠢᠯᠠᠯᠲᠠᠨ ᠤ ᠱᠤᠤ ᠪᠠᠯᠭᠠᠰᠤ ᠶᠢᠨ ᠲᠠᠪᠢᠨ ᠭᠠᠴᠠᠭ᠎ᠠ ᠶᠢᠨ ᠬᠦᠴᠢᠷᠲᠡᠢ ᠡᠷᠦᠬᠡ ᠰᠠᠶᠢᠬᠤᠴᠠᠷᠠᠯᠲᠤ ᠶᠢᠨ ᠤᠶᠤᠲᠠᠨ | ᠦᠬᠢᠨ ᠢ ᠲᠦᠷᠪᠡᠨ ᠵᠢᠯ ᠤᠨ ᠰᠤᠷᠭᠠᠭᠤᠯᠢ ᠪᠠᠨ ᠲᠡᠭᠦᠰᠲᠡᠯ᠎ᠡ ᠵᠢᠯ ᠪᠦᠷᠢ 3000 ᠲᠦᠬᠦᠷᠢᠭ ᠢᠶᠠᠷ ᠲᠡᠮᠵᠢᠵᠦ | ᠪᠠᠶᠢᠬᠰᠠᠨ ᠢ ᠮᠡᠳᠡᠯ᠎ᠡ᠃ | ᠬᠤᠶᠠᠷ ᠵᠢᠯ ᠤᠨ ᠡᠮᠦᠨ᠎ᠡ ᠪᠠᠶᠢᠪᠠ᠂ ᠨᠢᠬᠡᠨ ᠤᠶᠤᠳᠠᠨ ᠵᠠᠯᠠᠭᠤ ᠮᠦᠨ 2000 ᠢᠯᠡᠭᠦᠦ ᠪᠡᠯᠡᠨ ᠵᠤᠭᠤᠰ | ᠲᠠᠢ ᠪᠤᠭᠴᠤ ᠪᠠ ᠲᠤᠬᠠᠢ ᠶᠢᠨ ᠤᠷᠤᠢ ᠶᠢᠨ ᠭᠠᠯᠲᠤ ᠲᠡᠷᠭᠡ ᠪᠠᠷ ᠬᠦᠬᠡᠬᠤᠲᠠ ᠬᠦᠷᠬᠦ ᠪᠢᠯᠧᠲ ᠲᠠᠢ ᠪᠠᠨ | ᠪᠦᠭᠦᠳᠡ ᠶᠢ ᠲᠡᠳᠡᠨ ᠤ ᠲᠡᠯᠭᠡᠭᠦᠷ ᠲᠤ ᠬᠠᠶᠠᠭᠠᠳ ᠮᠠᠷᠳᠠᠭᠠᠳ ᠶᠠᠪᠤᠴᠢᠬᠠᠬᠰᠠᠨ ᠪᠠᠶᠢᠯ᠎ᠠ᠃ ᠲᠡᠳᠡ ᠬᠤᠶᠠᠷ ᠶᠡᠬᠡᠳᠡ | ᠰᠠᠨᠳᠤᠷᠴᠤ ᠶᠠᠭᠠᠬᠢᠵᠤ ᠪᠠᠶᠢᠭᠠᠳ ᠴᠤ ᠭᠠᠯᠲᠤ ᠲᠡᠷᠭᠡᠨ ᠲᠡᠭᠡᠷ᠎ᠡ ᠭᠠᠷᠬᠤ ᠠᠴᠠ ᠡᠮᠦᠨ᠎ᠡ ᠨᠢ ᠶᠠᠭᠤᠮ᠎ᠠ ᠶᠢ ᠨᠢ | ᠡᠵᠡᠨ ᠳᠤ ᠨᠢ ᠵᠠᠪᠳᠤᠨ ᠦᠭᠬᠦᠭᠡᠳᠡᠭᠡᠶᠡ ᠭᠡᠳ ᠤᠷᠤᠢ ᠪᠤᠯᠳᠠᠯ᠎ᠠ ᠬᠦᠯᠢᠶᠡᠭᠡᠳ ᠢᠷᠡᠭᠰᠡᠨ ᠦᠬᠡᠢ ᠲᠤᠯᠠ ᠡᠬᠦᠳᠡᠨ | ᠲᠡᠭᠡᠷ᠎ᠡ ᠪᠠᠨ ᠪᠢᠴᠢᠭᠡᠰᠦ ᠦᠯᠡᠳᠡᠬᠡᠨ ᠬᠠᠷᠢᠯᠴᠠᠬᠤ ᠤᠳᠠᠰᠤ ᠪᠠᠨ ᠨᠠᠭᠠᠭᠠᠳ ᠶᠠᠪᠤᠭᠰᠠᠨ ᠴᠢᠨᠢ ᠦᠨᠡᠨ ᠡᠷᠢᠬᠡᠳ | ᠢᠷᠡᠭᠰᠡᠨ ᠳᠤ ᠨᠢᠬᠡ ᠠᠭᠤᠵᠢᠭᠤ ᠠᠮᠢᠰᠬᠤᠯ᠎ᠠ ᠭᠡᠳᠡᠭ᠃ ᠡᠶᠢᠮᠦ ᠤᠴᠢᠷ ᠲᠡᠳᠡ ᠬᠤᠶᠠᠷ ᠲᠤ ᠵᠦᠩᠳᠡᠭᠡᠨ | ᠲᠤᠬᠢᠶᠠᠯᠳᠤᠳᠠᠭ ᠪᠤᠯᠬᠤᠷ ᠨᠡᠯᠢᠶᠡᠳ ᠰᠠᠭᠤᠭᠳᠠᠯ ᠲᠠᠢ ᠶᠢ ᠨᠢ ᠵᠤᠭᠤᠭ ᠤᠨ ᠲᠤᠮᠳᠠ ᠰᠤᠨᠤᠰᠤᠬᠰᠠᠨ ᠢᠶᠠᠨ ᠦᠨᠦ ᠪᠢ | ᠪᠤᠳᠤᠵᠤ ᠤᠯᠤᠬᠰᠠᠨ ᠢᠶᠠᠨ ᠯᠠ ᠬᠡᠯᠡᠵᠦ ᠪᠠᠶᠢᠭ᠎ᠠ ᠶᠤᠮ᠃ | ︽ᠦᠬᠡ ᠤᠯᠠᠳᠠᠵᠤ ᠦᠬᠡᠷ ᠬᠤᠯᠠᠳᠠᠵᠤ ᠪᠠᠶᠢᠭ᠎ᠠ︾ ᠴᠤ ᠦᠬᠡ ᠶᠢ ᠬᠡᠯᠡᠵᠦ ᠦᠬᠦᠯᠡᠪᠦᠷᠢ ᠶᠢ | ᠲᠡᠭᠦᠰᠭᠡᠳᠡᠭ ᠪᠤᠯᠬᠤᠷ ︽ᠡᠰᠡ ᠦᠭᠬᠦᠭᠰᠡᠨ ᠢ ᠦᠯᠦ ᠠᠪᠬᠤ︾᠂ ︽ᠬᠤᠮᠤᠬᠠᠢ ᠰᠢᠨᠤᠬᠠᠢ ᠰᠡᠳᠬᠢᠯ ᠢ ᠴᠡᠭᠡᠷᠯᠡᠨ᠂ | ᠬᠠᠶᠢᠷᠠᠯᠠᠨ ᠦᠷᠦᠪᠳᠡᠬᠦ ᠲᠤᠰᠠᠳᠠᠢ ᠰᠡᠳᠬᠢᠯ ᠢ ᠲᠡᠭᠡᠳᠦᠯᠡᠬᠦ ᠦᠷᠦᠪᠴᠢ ᠡᠨᠡᠷᠢᠩᠬᠦᠢ ᠶᠢᠨ ᠰᠡᠳᠬᠢᠯ︾ ᠢ ᠪᠠᠷᠢᠨ᠂ | ᠠᠮᠢᠳᠤᠷᠠᠯ ᠦᠢᠯᠡᠰ ᠲᠤ ᠪᠠᠨ ᠰᠦᠨ ᠴᠠᠭᠠᠨ ᠮᠦᠷ ᠲᠡᠪᠢᠰᠦᠬᠡ ︽ᠮᠠᠯᠴᠢᠨ ᠴᠠᠭᠠᠨ ᠢᠳᠡᠭᠡᠨ︾ ᠤ ᠬᠤᠶᠠᠷ | ᠲᠠᠭᠠᠭᠠᠮᠠᠯ ᠳᠤ ᠪᠠᠨ ᠠᠷᠪᠠᠨ ᠴᠠᠭᠠᠨ ᠪᠤᠶᠠᠨ ᠤ ᠠᠵᠠ ᠬᠡᠰᠢᠭ ᠲᠤ ᠠᠰᠢᠲᠠ ᠢᠪᠡᠭᠡᠭᠳᠡᠬᠦ ᠶᠢᠨ ᠵᠦᠩᠨᠡᠯ ᠢ | ᠳᠡᠪᠰᠢᠭᠦᠯᠦᠶ᠎ᠡ᠃ | ︵ᠤᠷᠠᠨᠲ᠋ᠠᠨᠠ᠂ ᠠᠯᠲᠠᠨᠳᠤᠶᠠᠭᠠ︶ | |