ᠢᠳᠡᠰᠢᠨ ᠮᠠᠯ ᠤᠨ ᠶᠠᠰᠤ ᠮᠢᠬ᠎ᠠ ᠶᠢ ᠲᠤᠶᠠᠴᠢᠵᠤ ᠰᠠᠯᠭᠠᠬᠤ ᠶᠤᠰᠤᠨ
ᠨᠡᠶᠢᠲᠡᠯᠡᠭᠰᠡᠨ ᠴᠠᠭ᠄
2020/5/6
     ᠮᠤᠩᠭᠤᠯᠴᠤᠳ ᠮᠠᠯ ᠤᠨ ᠶᠠᠰᠤ ᠮᠢᠬ᠎ᠠ ᠶᠢ ᠡᠪᠳᠡᠵᠦ ᠰᠠᠯᠭᠠᠬᠤ ᠳᠠᠭᠠᠨ ᠮᠦᠴᠢ ᠮᠦᠴᠢ ᠪᠠᠷ ᠰᠠᠯᠭᠠᠬᠤ ᠪᠦᠭᠡᠳ ᠬᠡᠰᠡᠭ ᠪᠤᠰᠠᠭ ᠶᠠᠰᠤᠨ ᠳᠤ ᠨᠠᠷᠢᠨ ᠲᠤᠭ᠎ᠠ ᠲᠠᠢ ᠪᠠᠶᠢᠵᠤ᠂ ᠲᠤᠰ ᠲᠤᠰ ᠲᠠᠭᠠᠨ ᠨᠡᠷᠡᠶᠢᠳᠦᠯ ᠲᠠᠢ ᠪᠠᠶᠢᠳᠠᠭ      ᠮᠦᠴᠢ ᠪᠠᠷ ᠰᠠᠯᠭᠠᠬᠤ ᠳᠤ ᠬᠦᠵᠦᠭᠦᠦ ᠰᠡᠭᠡᠷ ᠡᠪᠴᠢᠭᠦᠦ ᠨᠢᠭᠡ ᠮᠦᠴᠢ᠂ ᠤᠭᠤᠴᠠ ᠨᠢᠭᠡ ᠮᠦᠴᠢ᠂ ᠬᠤᠶᠠᠷ ᠬᠠ ᠲᠤᠰ ᠪᠦᠷᠢ ᠨᠢᠭᠡ ᠮᠦᠴᠢ᠂ ᠬᠤᠶᠠᠷ ᠭᠤᠶ᠎ᠠ ᠲᠤᠰ ᠪᠦᠷᠢ ᠨᠢᠭᠡ ᠮᠦᠴᠢ᠂ ᠨᠡᠶᠢᠳᠡ ᠵᠢᠷᠭᠤᠭᠠᠨ ᠮᠦᠴᠢ ᠬᠤᠪᠢᠶᠠᠨ᠎ᠠ᠃      ᠶᠠᠰᠤᠨ ᠤ ᠲᠤᠭ᠎ᠠ ᠨᠢ ᠦᠬᠡᠷ ᠬᠤᠨᠢ ᠴᠦᠮ 213 ᠭᠡᠰᠡᠭ ᠶᠠᠰᠤ ᠲᠠᠢ᠂ ᠢᠮᠠᠭ᠎ᠠ 209 ᠬᠡᠰᠡᠭ ᠶᠠᠰᠤ  ᠲᠠᠢ᠂ ᠢᠮᠠᠭᠠᠨ ᠤ ᠰᠡᠭᠦᠯ ᠤᠨ ᠶᠠᠰᠣ ᠨᠢ ᠬᠤᠨᠢᠨ ᠤ ᠠᠴᠠ 4 ᠳᠤᠳᠠᠭᠤ ᠪᠠᠶᠢᠳᠠᠭ᠃      ᠶᠠᠰᠤ ᠨᠢ ᠨᠠᠷᠢᠨ ᠢᠯᠭᠠᠪᠠᠯ᠂ ᠲᠤᠯᠤᠭᠠᠢ ᠶᠢᠨ ᠬᠡᠰᠡᠭ ᠲᠤ 36 ᠬᠡᠰᠡᠭ ᠶᠠᠰᠤ ᠲᠠᠢ᠂ ᠡᠭᠦᠨ ᠳᠤ ᠲᠤᠯᠤᠭᠠᠢ  ᠶᠢᠨ ᠶᠠᠰᠤ 1᠂ ᠡᠷᠡᠦ ᠶᠢᠨ ᠶᠠᠰᠤ 1᠂ ᠰᠢᠳᠦ ᠠᠷᠠᠭ᠎ᠠ 32᠂ ᠬᠡᠯᠡ ᠪᠠᠭᠠᠯᠵᠤᠤᠷ ᠤᠨ ᠬᠠᠪᠠᠯᠭ᠎ᠠ ᠶᠢᠨ ᠶᠠᠰᠤ 2 ᠪᠤᠯᠤᠨ᠎ᠠ᠃      ᠬᠦᠵᠦᠭᠦᠦ᠂ ᠰᠡᠭᠡᠷ᠂ ᠡᠪᠴᠢᠭᠦᠦ ᠶᠢᠨ ᠶᠠᠰᠤ 40 ᠬᠡᠰᠡᠭ ᠪᠠᠶᠢᠳᠠᠭ᠃ ᠰᠡᠭᠡᠷ ᠤᠨ ᠶᠠᠰᠤᠨ ᠳᠤ ᠮᠤᠬᠤᠷ ᠰᠡᠭᠡᠷ 1᠂ ᠤᠬᠤᠷ ᠰᠡᠭᠡᠷ 2᠂ ᠦᠨᠳᠦᠷ ᠰᠡᠭᠡᠷ 3᠃ ᠬᠦᠵᠦᠭᠦᠨ ᠤ ᠶᠠᠰᠤᠨ ᠳᠤ ᠠᠮᠠᠨ ᠬᠦᠵᠦᠬᠦᠦ 1᠂ ᠡᠮᠡᠭᠡᠯ ᠬᠦᠵᠦᠬᠦᠦ 1 ᠪᠠ ᠪᠤᠰᠤᠳ ᠬᠦᠵᠦᠭᠦᠦ ᠶᠠᠰᠤ 4 ᠪᠤᠢ᠃ ᠡᠪᠴᠢᠭᠦᠦ ᠶᠢᠨ ᠶᠠᠰᠤᠨ ᠳᠤ ᠪᠦᠳᠦᠷᠬᠡᠢ ᠶᠠᠰᠤ 1᠂ ᠠᠶᠤᠮᠠᠳᠤᠭᠠᠢ ᠶᠠᠰᠤ 1᠂ ᠭᠤᠤᠯ ᠶᠠᠰᠤ 5᠂ ᠬᠤᠷᠤᠭᠤ ᠶᠠᠰᠤ 14 ᠪᠤᠢ᠃      ᠬᠤᠶᠠᠷ ᠬᠠ ᠶᠢᠨ ᠶᠠᠰᠤ 36 ᠬᠡᠰᠡᠭ᠂ ᠡᠭᠦᠨ ᠳᠤ ᠳᠠᠯᠤ 2᠂ ᠬᠠ ᠶᠢᠨ ᠴᠢᠮᠦᠭᠡ 2᠂ ᠪᠤᠭᠳᠤᠭᠤᠰᠤ 2᠂ ᠪᠤᠭᠳᠤᠭᠤᠰᠤ ᠶᠢᠨ ᠰᠢᠭᠰᠢᠭ ᠶᠠᠰᠤ 10᠂ ᠬᠠᠪᠢᠷᠭ᠎ᠠ 20 ᠪᠦᠭᠡᠳ ᠬᠠᠪᠢᠷᠭ᠎ᠠ ᠶᠠᠰᠤᠨ ᠳᠤ ᠦᠨᠳᠦᠷ ᠬᠠᠪᠢᠷᠭ᠎ᠠ 8᠂ ᠳᠤᠮᠳᠠ ᠬᠠᠪᠢᠷᠭ᠎ᠠ 4᠂ ᠪᠤᠭᠤᠨᠢ ᠬᠠᠪᠢᠷᠭ᠎ᠠ 6 ᠪᠠᠶᠢᠳᠠᠭ᠃      ᠤᠭᠤᠴᠠᠨ ᠶᠠᠰᠤ 31 ᠬᠡᠰᠡᠭ᠂ ᠡᠭᠦᠨ ᠳᠤ ᠨᠢᠷᠤᠭᠤᠨ ᠤ ᠶᠠᠰᠤ 8᠂ ᠰᠦᠪᠡᠷᠭᠡᠰᠦ 6᠂ ᠰᠡᠭᠦᠯ ᠤᠨ ᠪᠤᠭᠤᠮ ᠤᠨ ᠶᠠᠰᠤ 1᠂ ᠰᠡᠭᠦᠯ ᠤᠨ ᠦᠶ᠎ᠡ ᠶᠢᠨ ᠶᠠᠰᠤ 16 ᠪᠠᠶᠢᠳᠠᠭ᠃      ᠬᠤᠶᠠᠷ ᠭᠤᠶ᠎ᠠ ᠶᠢᠨ ᠶᠠᠰᠤ 12 ᠬᠡᠰᠡᠭ᠂ ᠡᠭᠦᠨ ᠳᠤ ᠰᠡᠭᠦᠵᠢ 2᠂ ᠳᠤᠮᠳᠠ ᠴᠢᠮᠦᠭᠡ 2᠂ ᠱᠠᠭᠠᠨᠳᠤ 2᠂ ᠲᠤᠶᠢᠭ ᠤᠨ ᠶᠠᠰᠤ 2᠂ ᠰᠡᠷᠢᠰᠦᠨ ᠪᠤᠷᠪᠢ ᠶᠢᠨ ᠶᠠᠰᠤ 2᠂ ᠱᠠᠭ᠎ᠠ 2 ᠪᠠᠶᠢᠳᠠᠭ᠃      ᠲᠦᠷᠪᠡᠨ ᠰᠢᠬᠢᠷ᠎ᠡ ᠶᠢᠨ ᠶᠠᠰᠤ 58 ᠬᠡᠰᠡᠭ᠂ ᠡᠭᠦᠨ ᠳᠤ ᠰᠢᠯᠪᠢ ᠶᠢᠨ ᠶᠠᠰᠤ 4᠂ ᠰᠢᠭᠢᠷ᠎ᠡ ᠶᠢᠨ ᠳᠡᠭᠡᠷᠡᠬᠢ ᠰᠢᠭᠰᠢᠭ ᠶᠠᠰᠤ 10᠂ ᠪᠠᠬᠢᠯᠢᠭ᠌ ᠶᠠᠰᠤ 4᠂ ᠴᠦᠮᠴᠡ ᠶᠠᠰᠤ 8᠂ ᠲᠢᠳᠢᠮ ᠶᠠᠰᠤ 8᠂ ᠳᠤᠤᠷ᠎ᠠ ᠰᠢᠭᠰᠢᠭ ᠶᠠᠰᠤ 16᠂ ᠲᠤᠭᠤᠷᠠᠢ ᠶᠢᠨ ᠶᠠᠰᠤ 8 ᠪᠠᠶᠢᠳᠠᠭ᠃                             ᠡᠪᠴᠢᠭᠦᠴᠢᠨ ᠲᠤᠨᠤᠷᠤᠪ                             ︽ᠠᠷᠤ ᠬᠤᠷᠴᠢᠨ ᠤ ᠮᠤᠩᠭᠤᠯ ᠠᠷᠠᠳ ᠤᠨ ᠠᠮᠠᠨ ᠵᠤᠬᠢᠶᠠᠯ ᠵᠠᠩ                             ᠦᠢᠯᠡ ᠶᠢᠨ ᠰᠤᠩᠭᠤᠮᠠᠯ︾ ᠬᠡᠬᠦ ᠵᠤᠬᠢᠶᠠᠯ ᠠᠴᠠ ᠰᠤᠩᠭᠤᠪᠠ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号