ᠨᠤᠶᠠᠨ ᠠᠭᠤᠯᠠ ᠨᠢ ᠤᠷᠤᠨ ᠨᠤᠲᠤᠭ ᠲᠠᠭᠠᠨ ᠡᠵᠡᠨ ᠪᠤᠯᠤᠨ ᠰᠦᠨᠳᠡᠷᠯᠡᠵᠤ᠂ ᠠᠷᠤ ᠬᠤᠷᠴᠢᠨ | ᠬᠤᠰᠢᠭᠤᠨ ᠤ ᠪᠠᠶ᠋ᠬᠠᠦ᠋ᠨᠳᠤᠷ ᠰᠤᠮᠤᠨ ᠤ ᠲᠢᠪᠦᠯᠢ ᠭᠠᠴᠠᠭᠠᠨ ᠤ ᠠᠷᠪᠠ ᠶᠢᠰᠦᠨ ᠤᠪᠤᠭ ᠠᠶᠢᠮᠠᠭ ᠤᠨ ᠲᠦᠰᠢᠭ | ᠪᠤᠯᠵᠤ ᠲᠡᠤᠬᠡ ᠴᠠᠳᠢᠭ ᠲᠤ ᠲᠡᠮᠳᠡᠭᠯᠡᠭᠳᠡᠵᠤ ᠪᠠᠶᠢᠭ᠎ᠠ ᠦᠨᠳᠤᠷ ᠰᠦᠷᠯᠢᠭ ᠠᠭᠤᠯᠠ ᠶᠤᠮ᠃ | ᠨᠤᠶᠠᠨ ᠠᠭᠤᠯᠠ ᠶᠢᠨ ᠲᠤᠭᠤᠷᠢᠨ ᠳᠤ ᠰᠠᠶᠢᠳ ᠲᠦᠰᠢᠮᠡᠳ ᠨᠢ ᠭᠡᠮᠡᠷ ᠪᠠᠶᠢᠷᠢᠰᠢᠭᠰᠠᠨ ᠠᠭᠤᠯᠠ ᠤᠰᠤ | ᠨᠤᠭᠤᠳ ᠭᠡᠪᠡᠯ᠂ ᠪᠠᠷᠠᠭᠤᠨ ᠡᠮᠤᠨ᠎ᠡ ᠨᠢ ᠪᠠᠷᠰ ᠰᠠᠭᠤᠭᠰᠠᠨ ᠮᠡᠳᠤ ᠠᠰᠬ᠎ᠠ ᠬᠠᠳᠠᠳᠤ ᠷᠠᠰᠢᠶᠠᠨᠳᠤ ᠠᠭᠤᠯᠠ ᠲᠠᠢ᠃ | ᠪᠠᠷᠠᠭᠤᠨ ᠲᠠᠯ᠎ᠠ ᠳᠤ ᠨᠢ ᠠᠯᠳᠠᠨ ᠤᠯᠤᠰ ᠤᠨ ᠪᠤᠷᠤ ᠬᠡᠷᠡᠮ ᠤᠨ ᠲᠠᠪᠠᠭ᠎ᠠ ᠲᠠᠢ᠃ ᠪᠠᠷᠠᠭᠤᠨ ᠬᠤᠶᠢᠨ᠎ᠠ ᠨᠢ ᠬᠢᠯᠢ | ᠶᠢᠨ ᠬᠠᠷᠠᠭᠤᠯ ᠬᠡᠮᠡᠷ ᠲᠠᠪᠠᠭᠠᠨ ᠱᠤᠷᠤᠩ ᠲᠠᠢ᠃ ᠬᠤᠶᠢᠳᠤ ᠲᠠᠯ᠎ᠠ ᠳᠤ ᠨᠢ ᠦᠨᠳᠤᠷ ᠰᠦᠷᠯᠢᠭ ᠨᠤᠶᠠᠨ ᠠᠭᠤᠯᠠ | ᠲᠡᠭᠷᠢ ᠶᠢ ᠪᠠᠭᠠᠨᠠᠳᠠᠨ ᠰᠡᠭᠦᠶᠢᠨ ᠰᠦᠨᠳᠡᠷᠯᠡᠵᠤ᠂ ᠠᠳᠡᠬᠢ ᠬᠦᠮᠤᠨ ᠠᠷᠠᠳ ᠲᠤ ᠪᠠᠨ ᠨᠦᠮᠦᠷᠢ ᠲᠦᠰᠢᠭ ᠪᠤᠯᠵᠤ᠂ | ᠬᠡᠰᠢᠭ ᠬᠤᠷᠤᠶᠢᠯᠠᠨ ᠬᠡᠶᠢᠮᠤᠷᠢ ᠲᠠᠯᠠᠯᠤᠵᠤ ᠪᠠᠶᠢᠳᠠᠭ᠃ | ᠨᠤᠶᠠᠨ ᠠᠭᠤᠯᠠ ᠶᠢᠨ ᠡᠩᠭᠡᠷ ᠲᠤ ᠲᠢᠪᠦᠯᠢ ᠶᠢᠨ ᠠᠶᠢᠯ ︵ᠤᠳᠤ ᠬᠠᠷᠠᠨᠠᠭᠤᠷ ᠭᠡᠵᠤ ᠪᠤᠢ︶ | ᠰᠠᠭᠤᠷᠢᠰᠢᠵᠤ᠂ ᠨᠡᠭᠦᠳᠡᠯ ᠮᠠᠯᠵᠢᠯ ᠮᠤᠩᠭᠤᠯ ᠰᠤᠶᠤᠯ ᠢᠶᠠᠨ ᠤᠯᠠᠮᠵᠢᠯᠠᠨ ᠠᠵᠤ ᠲᠦᠷᠦᠨ ᠠᠮᠢᠳᠤᠷᠠᠵᠤ ᠪᠠᠶᠢᠨ᠎ᠠ᠃ | ᠵᠡᠭᠦᠨ ᠬᠤᠶᠢᠨ᠎ᠠ ᠪᠠᠨ ᠬᠠᠷ᠎ᠠ ᠬᠠᠰ ︵ᠬᠠᠷ᠎ᠠ ᠬᠠᠳᠠ ᠴᠦ ᠭᠡᠳᠡᠭ︶ ᠤᠨ ᠡᠩᠭᠡᠷ᠂ ᠵᠡᠭᠦᠨ ᠲᠠᠯ᠎ᠠ ᠳᠤ ᠨᠢ | ᠳ᠋ᠠᠨᠵᠤᠤᠷᠳᠤ ᠶᠢᠨ ᠲᠠᠪᠠᠭ᠎ᠠ ᠵᠠᠮ ᠬᠠᠷᠢᠯᠴᠠᠭᠠᠨ ᠤ ᠴᠢᠬᠤᠯᠠ ᠪᠤᠭᠤᠮᠳᠠ ᠪᠤᠯᠵᠤ ᠪᠠᠶᠢᠳᠠᠭ᠃ ᠡᠨᠡ ᠲᠠᠪᠠᠭ᠎ᠠ ᠪᠠᠷ | ᠭᠠᠨᠵᠤᠤᠷ ᠳ᠋ᠠᠨᠵᠤᠤᠷ ᠢ ᠵᠠᠯᠠᠵᠤ ᠠᠶᠠᠯᠠᠭᠰᠠᠨ ᠢᠶᠠᠷ ᠳ᠋ᠠᠨᠵᠤᠤᠷᠳᠤ ᠶᠢᠨ ᠲᠠᠪᠠᠭ᠎ᠠ ᠭᠡᠵᠤ ᠨᠡᠷᠡᠯᠡᠯ᠎ᠡ ᠭᠡᠳᠡᠭ᠃ ᠵᠡᠭᠦᠨ | ᠡᠮᠤᠨ᠎ᠡ ᠨᠢ ᠪᠠᠮᠪᠠᠷ ᠭᠡᠪᠳᠡᠭᠰᠡᠨ ᠰᠢᠭ ᠬᠠᠳᠠᠨ ᠬᠤᠰᠢᠭᠤ ᠲᠠᠢ᠂ ᠡᠮᠤᠨ᠎ᠡ ᠪᠠᠨ ᠨᠤᠮᠢᠨ ᠨᠤᠭᠤᠭᠠᠨ ᠲᠡᠪᠡᠭᠡ ᠲᠠᠢ᠂ | ᠡᠨᠡ ᠲᠡᠪᠡᠭᠡ ᠢ ᠨᠤᠭᠤᠭᠠᠨ ᠬᠠᠰ ᠤᠨ ᠲᠠᠪᠰᠢᠨ ᠳᠤ ᠠᠭᠠᠷᠤᠤᠯ ᠬᠤᠷᠤᠳ ᠲᠠᠪᠠᠭᠯᠠᠭᠰᠠᠨ ᠬᠡᠮᠡᠷ ᠠᠯᠳᠠᠨ ᠴᠡᠴᠡᠭ᠂ | ᠠᠯᠳᠠᠩᠬᠤᠸ᠎ᠠ ᠴᠡᠴᠡᠭ᠂ ᠠᠯᠳᠠᠨ ᠮᠠᠨᠵᠢᠯᠠᠭ᠎ᠠ ᠴᠡᠴᠡᠭ᠂ ᠴᠢᠭᠢᠷᠮᠠ ᠴᠡᠴᠡᠭ ᠦᠩᠭᠡ ᠪᠤᠯᠢᠶᠠᠯᠳᠤᠨ ᠲᠡᠯᠭᠡᠷᠡᠭᠡᠳ | ᠰᠤᠳᠤᠨ ᠰᠠᠶᠢᠬᠠᠨ ᠦᠨᠤᠷ ᠠᠩᠭᠢᠯᠤᠨ ᠬᠦᠮᠤᠰ ᠤᠨ ᠠᠩᠬᠠᠷᠤᠯ ᠢ ᠲᠠᠳᠠᠭᠰᠠᠨ ᠪᠠᠶᠢᠳᠠᠭ᠃ ᠲᠡᠪᠡᠭᠡ ᠶᠢᠨ ᠨᠢᠭᠡ | ᠦᠵᠦᠭᠦᠷ ᠲᠤ ᠨᠢ ᠵᠤᠭᠰᠤᠬᠤᠯᠠᠷ ᠨᠦᠭᠦᠭᠡ ᠲᠠᠯ᠎ᠠ ᠳᠤ ᠨᠢ ᠬᠦᠷᠲᠡᠯ᠎ᠡ ᠨᠡᠮᠡᠯᠵᠡᠨ ᠬᠦᠳᠡᠯᠵᠤ ᠪᠠᠶᠢᠮᠠᠷ | ᠰᠠᠨᠠᠭᠳᠠᠭᠤᠯᠳᠠᠭ ᠬᠤᠪᠢ ᠶᠢᠨ ᠭᠠᠳᠠᠨ᠎ᠠ ᠭᠤᠶᠤᠮᠰᠤᠭ ᠲᠦᠷᠰᠦᠯᠡᠬᠦᠶᠡ ᠪᠡᠷᠭᠡ ᠰᠠᠶᠢᠬᠠᠨ ᠭᠠᠵᠠᠷ ᠪᠠᠶᠢᠭᠰᠠᠨ ᠶᠤᠮ᠃ | ᠡᠨᠡ ᠬᠦ ᠲᠡᠪᠡᠭᠡ ᠲᠠᠢ ᠭᠠᠵᠠᠷ ᠢ ᠲᠡᠪᠡᠭᠦᠯᠢ ᠭᠡᠵᠤ ᠪᠠᠶᠢᠭᠰᠠᠨ ᠢᠶᠠᠨ ᠬᠤᠵᠢᠮ ᠨᠢ ᠠᠪᠢᠶ᠎ᠠ ᠨᠢ ᠪᠠᠭ᠋ᠠᠨ | ᠤᠨᠳᠤᠤᠰᠢᠭᠠᠳ ᠲᠢᠪᠦᠯᠢ ᠭᠡᠵᠤ ᠵᠠᠩᠰᠢᠭᠰᠠᠨ ᠭᠡᠵᠤ ᠵᠠᠷᠢᠮ ᠲᠡᠤᠭᠡᠴᠢᠳ ᠦᠵᠡᠵᠤ ᠪᠤᠢ᠃ | ᠲᠡᠪᠡᠭᠡ ᠲᠠᠢ ᠵᠡᠷᠭᠡᠴᠡᠨ ᠠᠯᠳᠠᠨ ᠭᠠᠳᠠᠰᠤ ᠶᠢᠨ ᠤᠪᠤᠭ᠎ᠠ ᠲᠠᠢ᠂ ᠤᠪᠤᠭ᠎ᠠ ᠶᠢᠨ ᠠᠷᠤ ᠠᠴᠠ ︽ | ᠤᠨᠳᠤᠷᠤᠮᠠᠯ ᠪᠤᠯᠠᠭ︾ ᠤᠷᠭᠢᠯᠤᠨ ᠵᠢᠵᠢᠭ ᠭᠤᠷᠤᠬ᠎ᠠ ᠤᠷᠤᠰᠴᠤ ᠬᠦᠪᠡᠭᠡ ᠲᠠᠭᠠᠤ ᠨᠢ ᠬᠤᠵᠢᠷ ᠲᠤᠯᠤᠰᠢ ᠬᠡᠰᠡᠭ | ᠬᠡᠰᠡᠭ ᠬᠦᠪᠬᠡᠶᠢᠨ ᠴᠠᠶᠢᠷᠠᠭᠠᠳ ᠲᠠᠪᠤᠨ ᠬᠤᠰᠢᠭᠤ ᠮᠠᠯ ᠤᠨ ᠲᠠᠭᠠᠳᠠᠢ ᠰᠠᠶᠢᠬᠠᠨ ᠤᠮᠳᠠ ᠪᠤᠯᠵᠤ᠂ ᠡᠬᠡ ᠪᠠᠶᠢᠭᠠᠯᠢ | ᠠᠴᠠ ᠠᠳᠡᠬᠢ ᠮᠠᠯᠴᠢᠳ ᠲᠤ ᠦᠭᠭᠢᠶᠡᠮᠤᠷ ᠰᠢᠮ᠎ᠡ ᠪᠠᠨ ᠰᠤᠶᠤᠷᠬᠠᠭᠰᠠᠨ ᠦᠵᠡᠰᠭᠦᠯᠡᠩᠳᠤ ᠨᠤᠲᠤᠭ ᠪᠤᠯᠬᠤ ᠶᠤᠮ᠃ | ᠡᠶᠢᠮᠤ ᠠᠴᠠ ᠡᠨᠡ ᠨᠤᠲᠤᠭ ᠤᠨ ᠮᠠᠯᠴᠢᠳ ᠲᠡᠵᠢᠭᠡᠪᠡᠯ ᠮᠠᠯ ᠨᠢ ᠦᠨᠢᠷ ᠦᠰᠴᠤ᠂ ᠲᠡᠨᠢᠭᠦᠨ ᠲᠡᠭᠰᠢ ᠠᠮᠢᠳᠤᠷᠠᠯ | ᠲᠠᠢ ᠤᠴᠢᠷ ᠠᠴᠠ ᠬᠠᠭᠤᠴᠢᠨ ᠳᠠᠭᠠᠨ ︽ᠲᠡᠪᠡᠯᠡᠶᠡ ᠭᠡᠪᠡᠯ ᠲᠢᠪᠦᠯᠢ ᠳᠤ ᠰᠠᠭᠤ︾ ᠭᠡᠰᠡᠨ ᠤᠯᠠᠮᠵᠢᠯᠠᠯ ᠶᠠᠷᠢᠶ᠎ᠠ | ᠲᠡᠯᠭᠡᠷᠡᠭᠰᠡᠨ ᠪᠠᠶᠢᠵᠠᠢ᠃ | ᠬᠠᠪᠤᠷ ᠲᠤ ᠪᠠᠨ ᠲᠡᠪᠡᠭᠡᠨ ᠲᠤᠯᠤᠭᠠᠢ ᠨᠤᠭᠤᠭᠠᠷᠠᠨ᠂ ᠮᠠᠯ ᠰᠦᠷᠦᠭ ᠡᠷᠳᠡ ᠨᠤᠭᠤᠭ᠎ᠠ ᠬᠠᠵᠠᠯᠠᠨ᠂ ᠰᠢᠷ᠎ᠠ | ᠤᠰᠤᠨ ᠳᠤ ᠤᠷᠤᠵᠤ᠂ ᠭᠠᠯᠠᠭᠤ ᠰᠢᠪᠠᠭᠤ ᠨᠡᠭᠦᠳᠡᠯᠯᠡᠨ ᠢᠷᠡᠵᠤ ᠮᠢᠷᠠᠯᠵᠠᠭᠰᠠᠨ ᠵᠡᠷᠭᠡᠯᠭᠡᠨ ᠲᠠᠢ ᠨᠢ ᠬᠤᠤᠰᠯᠠᠨ | ᠦᠩᠭᠡ ᠪᠤᠳᠤᠭ ᠨᠡᠮᠡᠷᠢᠯᠡᠬᠦ ᠪᠦᠭᠡᠳ ᠲᠡᠮᠡᠭᠡᠨ ᠪᠦᠬᠦᠨ ᠤ ᠵᠠᠪᠰᠠᠷ ᠢᠶᠠᠷ ᠮᠦᠩᠭᠦᠨ ᠤᠰᠤ ᠭᠢᠯᠠᠯᠵᠠᠨ ᠬᠦᠮᠤᠰ ᠤᠨ | ᠰᠡᠳᠬᠢᠯ ᠢ ᠪᠠᠶᠠᠰᠬᠠᠳᠠᠭ᠃ | ᠨᠠᠮᠤᠷ ᠤᠨ ᠬᠤᠩᠭᠤᠷ ᠵᠢᠪᠠᠷ ᠲᠤ ᠭᠠᠯᠠᠭᠤ ᠰᠢᠪᠠᠭᠤᠳ ᠪᠤᠴᠠᠬᠤ ᠳᠤ ᠲᠡᠷᠡᠰᠤᠨ ᠨᠠᠮᠠᠭ᠎ᠠ ᠲᠤᠬᠢᠯᠵᠠᠨ ︽ | ᠪᠠᠶᠠᠷᠲᠠᠢ ᠠᠭᠤᠯᠵᠠᠶ᠎ᠠ︾ ᠭᠡᠵᠤ ᠭᠠᠷ ᠲᠠᠯᠠᠯᠤᠨ ᠰᠠᠯᠬᠤ ᠶᠤᠰᠤ ᠭᠦᠢᠴᠡᠳᠭᠡᠵᠤ ᠪᠠᠶᠢᠬᠤ ᠮᠡᠳᠤ᠂ ᠭᠠᠯᠠᠭᠤ | ᠰᠢᠪᠠᠭᠤᠳ ᠨᠢ ︽ᠪᠢᠳᠡ ᠪᠤᠴᠠᠯ᠎ᠠ︾᠂ ᠠᠷᠪᠠᠨ ᠨᠠᠢᠮᠠᠨ ᠬᠤᠨᠤᠭ ᠤᠨ ᠲᠠᠷᠠᠭ᠎ᠠ ᠬᠢᠷᠠᠭᠤ ᠪᠠᠭᠤᠬᠤ ᠶᠢ ᠮᠡᠳᠡᠭᠡᠯᠡᠭᠰᠡᠨ | ᠰᠢᠤ ᠭᠡᠵᠤ᠂ ᠲᠠᠬᠢᠨ ᠲᠠᠬᠢᠨ ᠡᠷᠭᠢᠨ ᠬᠤᠷᠭᠤᠳᠠᠨ ᠭᠠᠩᠭᠠᠷ ᠭᠤᠩᠭᠤᠷ ᠲᠤᠤᠭᠠᠷᠤᠭᠰᠠᠭᠠᠷ ᠠᠶᠠᠷᠯᠠᠨ ᠶᠠᠪᠤᠳᠠᠭ | ᠰᠠᠨ᠃ | ᠡᠪᠤᠯ ᠤᠨ ᠤᠯᠠᠷᠢᠯ ᠳᠤ ᠲᠡᠪᠡᠭᠡ ᠨᠢ ᠲᠡᠮᠡᠭᠡᠨ ᠪᠦᠬᠦᠨ ᠳᠤ ᠴᠠᠰᠤᠨ ᠮᠠᠯᠠᠭᠠᠢ ᠡᠮᠤᠰᠭᠡᠵᠤ᠂ ᠬᠤᠨᠢᠨ | ᠰᠦᠷᠦᠭ ᠲᠤ ᠨᠦᠮᠦᠷᠢ ᠪᠤᠯᠵᠤ ᠬᠤᠴᠢᠭᠠᠳ ᠶᠠᠮᠠᠷ ᠰᠠᠶᠢᠬᠠᠨ ᠨᠤᠲᠤᠭ ᠤᠰᠤ ᠪᠠᠶᠢᠭᠰᠠᠨ ᠪᠤᠢ᠂ ᠡᠶᠢᠮᠤ ᠰᠠᠶᠢᠬᠠᠨ | ᠦᠩᠭᠡ ᠦᠵᠡᠮᠵᠢ ᠲᠠᠢ ᠦᠭᠭᠢᠶᠡᠮᠤᠷ ᠲᠠᠩᠰᠤᠭ ᠠᠭᠤᠯᠠ ᠤᠰᠤ ᠪᠠᠨ ᠠᠳᠡᠬᠢ ᠮᠠᠯᠴᠢᠳ ᠬᠠᠶᠢᠷᠠᠯᠠᠨ ᠬᠠᠮᠠᠭᠠᠯᠠᠵᠤ᠂ | ᠨᠤᠶᠠᠨ ᠠᠭᠤᠯᠠ ᠪᠠᠨ ᠲᠡᠭᠡᠳᠦᠯᠡᠨ ᠰᠢᠳᠦᠭᠰᠡᠭᠡᠷ ᠢᠷᠡᠭᠰᠡᠨ ᠶᠤᠮ᠃ | ᠮᠠᠨ ᠤ ᠡᠪᠦᠭᠡ ᠲᠡᠭᠡᠳᠤᠰ ᠤᠨᠠᠭᠰᠠᠨ ᠰᠢᠷᠤᠢ ᠪᠠᠨ ᠠᠯᠳᠠ᠂ ᠤᠤᠭᠤᠭᠰᠠᠨ ᠤᠰᠤ ᠪᠠᠨ ᠷᠠᠰᠢᠶᠠᠨ ᠭᠡᠵᠤ ᠠᠭᠤᠯᠠ | ᠤᠰᠤ᠂ ᠭᠠᠵᠠᠷ ᠰᠢᠷᠤᠢ᠂ ᠤᠢ ᠰᠢᠭᠤᠢ᠂ ᠠᠷᠢᠶᠠᠳᠠᠨ ᠵᠢᠭᠦᠷᠳᠡᠨ ᠢᠶᠠᠨ ᠬᠠᠶᠢᠷᠠᠯᠠᠨ ᠬᠠᠮᠠᠭᠠᠯᠠᠵᠤ᠂ ᠠᠭᠤᠯᠠ ᠤᠰᠤ | ᠪᠠᠨ ᠲᠠᠬᠢᠵᠤ᠂ ᠠᠮᠢ ᠠᠬᠤᠢ ᠪᠠᠨ ᠪᠠᠶᠠᠨ ᠲᠠᠩᠰᠤᠭ ᠪᠠᠶᠢᠯᠭᠠᠬᠤ ᠶᠢ ᠬᠦᠰᠡᠨ ᠵᠦᠩᠨᠡᠳᠡᠭ ᠤᠴᠢᠷ ᠲᠠᠢ᠃ ᠮᠢᠨᠤ | ᠨᠤᠲᠤᠭ ᠤᠨ ᠨᠤᠶᠠᠨ ᠠᠭᠤᠯᠠ ᠨᠢ ᠨᠤᠲᠤᠭ ᠤᠨ ᠪᠤᠭᠤᠷᠤᠯ ᠡᠪᠦᠭᠡ ᠰᠢᠭ ᠢᠶᠠᠨ ᠨᠤᠲᠤᠭ ᠤᠰᠤᠨ ᠳᠤ ᠪᠠᠨ | ᠲᠦᠰᠢᠭ ᠪᠤᠯᠤᠭᠰᠠᠭᠠᠷ ᠦᠶ᠎ᠡ ᠦᠶ᠎ᠡ ᠶᠢᠨ ᠬᠦᠮᠤᠨ ᠮᠠᠯ ᠤᠨ ᠢᠶᠠᠨ ᠰᠢᠳᠦᠭᠡᠨ ᠪᠤᠯᠵᠤ ᠲᠡᠤᠬᠡ ᠱᠠᠰᠳᠢᠷ ᠲᠤ | ᠲᠡᠮᠳᠡᠭᠯᠡᠭᠳᠡᠭᠰᠡᠭᠡᠷ ᠢᠷᠡᠭᠰᠡᠨ ᠶᠤᠮ᠃ | ᠮᠢᠨᠤ ᠡᠯᠤᠨᠴᠡ ᠡᠪᠦᠭᠡ ︽ᠤᠯᠠᠭᠠᠨ ᠮᠠᠯᠠᠭᠠᠶᠢᠳᠠᠨ ᠤ ᠤᠷᠪᠠᠯᠭᠠᠨ︾ ᠠᠴᠠ ᠵᠠᠶᠢᠯᠠᠵᠤ ᠡᠨᠡ ᠨᠤᠲᠤᠭ ᠲᠤ | ᠢᠷᠡᠵᠤ ᠰᠠᠭᠤᠷᠢᠰᠢᠭᠰᠠᠨ ᠠᠴᠠ ᠨᠠᠭᠠᠰᠢᠭᠢ ᠵᠠᠭᠤ ᠢᠯᠡᠭᠦᠤ ᠵᠢᠯ ᠤᠨ ᠬᠤᠭᠤᠴᠠᠭᠠᠨ ᠳᠤ ᠨᠤᠶᠠᠨ ᠠᠭᠤᠯᠠ ᠪᠠᠨ | ᠰᠢᠳᠦᠵᠤ ᠬᠡᠳᠤᠨ ᠦᠶ᠎ᠡ ᠪᠤᠯᠴᠢᠬᠠᠯ᠎ᠠ᠃ ᠡᠨᠡ ᠬᠦ ᠨᠤᠶᠠᠨ ᠠᠭᠤᠯᠠ ᠨᠢ ᠮᠦᠨᠴᠤ ᠡᠨᠡ ᠨᠤᠲᠤᠭ ᠤᠨ ᠤᠶᠢᠷ᠎ᠠ ᠬᠠᠪᠢ | ᠶᠢᠨ ᠮᠠᠯᠴᠢᠳ ᠤᠨ ᠦᠶ᠎ᠡ ᠤᠯᠠᠷᠢᠨ ᠰᠢᠳᠦᠨ ᠲᠠᠬᠢᠵᠤ ᠢᠷᠡᠭᠰᠡᠨ ᠰᠢᠳᠦᠭᠡᠨᠳᠤ ᠠᠭᠤᠯᠠ ᠪᠤᠯᠬᠤ ᠨᠢ ᠲᠠᠮᠵᠢᠭ | ᠦᠭᠡᠢ᠃ | ᠡᠶᠢᠮᠤᠷᠬᠦ ᠤᠳᠠᠭᠠᠨ ᠤᠨ ᠤ ᠲᠠᠬᠢᠯᠭ᠎ᠠ ᠲᠠᠢ ᠪᠠᠶᠢᠭᠰᠠᠨ ᠨᠤᠶᠠᠨ ᠠᠭᠤᠯᠠ ᠪᠠᠨ 2017 ᠤᠨ ᠤ 5 | ᠰᠠᠷ᠎ᠠ ᠶᠢᠨ 15 ᠳᠤ ᠡᠷᠳᠡᠮᠳᠤ ᠯᠠᠮᠠ ᠲᠤᠩᠷᠤᠪᠵᠠᠮᠰᠤ ᠶᠢ ᠵᠠᠯᠠᠵᠤ᠂ ᠱᠦᠩᠰᠢᠭ ᠲᠠᠷᠤᠨ ᠨᠤᠮ ᠤᠩᠰᠢᠭᠤᠯᠤᠨ ᠰᠠᠩ | ᠲᠠᠯᠪᠢᠭᠤᠯᠤᠭᠠᠳ ᠰᠡᠷᠭᠦᠭᠡᠨ ᠲᠠᠬᠢᠭᠠᠳ ᠪᠠᠰᠠ ᠬᠡᠳᠤᠨ ᠵᠢᠯ ᠪᠤᠯᠵᠤ ᠪᠠᠶᠢᠨ᠎ᠠ᠃ ᠨᠢᠳᠤᠨᠤᠨ ᠵᠢᠯ ᠰᠢ ᠠᠨ ᠬᠤᠳᠠ | ᠶᠢᠨ ᠡᠷᠳᠡᠮᠳᠡᠨ ᠯᠠᠮᠠ ᠱᠠᠪᠢ ᠨᠠᠷ ᠢᠶᠠᠨ ᠲᠠᠭᠠᠭᠤᠯᠤᠨ ᠢᠷᠡᠵᠤ᠂ ᠤᠪᠤᠭᠠᠨ ᠰᠠᠩ ᠤᠩᠰᠢᠨ ᠲᠠᠬᠢᠭᠰᠠᠨ ᠶᠤᠮ᠃ | ᠤᠳᠤ ᠬᠠᠷᠠᠨᠠᠭᠤᠷ ᠭᠠᠴᠠᠭᠠᠨ ᠤ ᠲᠦᠷᠪᠡᠨ ᠵᠠᠭᠤ ᠢᠯᠡᠬᠦᠤ ᠮᠠᠯᠴᠢᠳ᠂ ᠲᠤᠰ ᠭᠠᠴᠠᠭᠠᠨ ᠤ | ᠬᠤᠪᠢᠰᠬᠠᠯᠳᠤ ᠪᠠᠷ ᠤᠪᠤᠭᠠᠨ ᠲᠠᠭᠠᠭᠠᠮᠠᠯ ᠪᠤᠯᠭᠠᠵᠤ᠂ ᠨᠤᠶᠠᠨ ᠠᠭᠤᠯᠠ ᠪᠠᠨ ᠬᠦᠨᠳᠦᠳᠭᠡᠨ ᠲᠡᠭᠡᠳᠦᠯᠡᠵᠤ᠂ ᠵᠢᠯ | ᠪᠦᠷᠢ ᠲᠠᠬᠢᠯᠭ᠎ᠠ ᠶᠢᠨ ᠶᠤᠰᠤ ᠪᠠᠨ ᠭᠦᠢᠴᠡᠳᠭᠡᠵᠤ᠂ ᠠᠭᠤᠯᠠ ᠤᠰᠤᠨ ᠤ ᠪᠠᠨ ᠠᠷᠢᠶᠠᠳᠠᠨ ᠵᠢᠭᠦᠷᠲᠡᠨ᠂ ᠤᠢ | ᠰᠢᠭᠤᠢ ᠡᠪᠡᠰᠤ ᠤᠷᠭᠤᠮᠠᠯ ᠢ ᠬᠠᠶᠢᠷᠠᠯᠠᠨ ᠬᠠᠮᠠᠭᠠᠯᠠᠵᠤ ᠪᠠᠶᠢᠨ᠎ᠠ᠃ ᠠᠳᠡᠬᠢ ᠮᠠᠯᠴᠢᠳ ᠪᠠᠰᠠ ᠤᠶᠠᠩᠭ᠎ᠠ ᠲᠠᠭᠤᠤ᠂ | ᠰᠢᠯᠦᠭ ᠵᠤᠬᠢᠶᠠᠯ ᠢᠶᠠᠷ ᠢᠶᠠᠨ ᠨᠤᠲᠤᠭ ᠤᠰᠤ ᠪᠠᠨ ᠮᠠᠭᠳᠠᠨ ᠲᠠᠭᠤᠯᠠᠵᠤ᠂ ᠨᠤᠲᠤᠭ ᠤᠰᠤ ᠪᠠᠨ ᠬᠠᠶᠢᠷᠠᠯᠠᠨ | ᠬᠠᠮᠠᠭᠠᠯᠠᠬᠤ ᠲᠤᠬᠠᠢ ᠤᠬᠠᠭᠤᠯᠤᠨ ᠰᠤᠷᠳᠠᠯᠴᠢᠯᠠᠵᠤ ᠪᠠᠶᠢᠳᠠᠭ ᠶᠤᠮ᠃ ︵ᠵᠤᠭᠠᠴᠢᠨ᠂ ᠰᠡᠴᠡᠨ︶ | |