ᠠᠷᠤ ᠬᠤᠷᠴᠢᠨ ᠤ ᠪᠦᠰᠡᠭᠦᠶᠢᠴᠦᠳ ᠤᠨ ᠦᠰᠦ ᠱᠠᠩᠬᠤᠯᠠᠵᠤ ᠲᠠᠪᠤᠨ ᠬᠠᠳᠬᠤᠭᠤᠷ ᠬᠡᠷᠡᠭᠯᠡᠬᠦ ᠲᠤᠬᠠᠢ
ᠨᠡᠶᠢᠲᠡᠯᠡᠭᠰᠡᠨ ᠴᠠᠭ᠄
2020/6/12
       ᠤᠷᠤᠭ ᠬᠤᠷᠢᠮ ᠤᠨ ᠬᠤᠶᠠᠷ ᠬᠠᠷᠢ ᠨᠢᠭᠡ ᠲᠦᠷᠦ ᠶᠢᠨ ᠤᠯᠠᠮᠵᠢᠯᠠᠯᠳᠤ ᠶᠤᠰᠤ ᠪᠠᠷ ᠬᠡᠤᠬᠡᠨ ᠢᠶᠠᠨ ᠬᠦᠷᠭᠡᠨ ᠳᠤ ᠮᠤᠷᠳᠠᠭᠤᠯᠵᠤ᠂ ᠭᠡᠤᠬᠡᠨ ᠭᠡᠵᠢᠭᠡ ᠶᠢ ᠨᠢ ᠬᠠᠭᠠᠯᠵᠤ᠂ ᠰᠢᠷ᠎ᠠ ᠦᠰᠦ ᠶᠢ ᠨᠢ ᠠᠪᠴᠤ᠂ ᠬᠠᠳᠠᠮ ᠤᠨ ᠭᠠᠯ ᠳᠤ ᠮᠦᠷᠭᠦᠭᠦᠯᠦᠨ᠂ ᠪᠡᠷᠭᠡᠳ ᠨᠢ ᠦᠰᠦ ᠶᠢ ᠨᠢ ᠱᠠᠩᠬᠤᠯᠠᠵᠤ ᠪᠤᠭᠤᠭᠠᠳ ᠲᠠᠪᠤᠨ ᠬᠠᠳᠬᠤᠭᠤᠷ ᠢᠶᠠᠷ ᠵᠠᠰᠠᠨ ᠴᠢᠮᠡᠭᠯᠡᠬᠦ ᠳᠤ ᠬᠤᠤᠰ ᠬᠠᠳᠬᠤᠭᠤᠷ᠂ ᠬᠦᠨᠳᠡᠯᠡᠨ ᠬᠠᠳᠬᠤᠭᠤᠷ᠂ ᠬᠤᠤᠰ ᠲᠤᠯᠤᠭᠤᠷ᠂ ᠬᠠᠳᠠᠯᠢᠭ ︵ᠬᠠᠳᠠᠯᠢᠩ︶ ᠂ ᠲᠠᠳᠠᠭᠤᠷ᠂ ᠰᠦᠢᠭᠡ᠂ ᠮᠦᠩᠭᠦᠨ ᠪᠤᠤ ᠲᠠᠢ ᠭᠤᠤ᠂ ᠰᠢᠪᠬᠡ ︵ᠰᠢᠪᠬᠢ︶ ᠤᠨᠵᠢᠯᠭ᠎ᠠ ᠵᠡᠷᠭᠡ ᠶᠢ ᠭᠡᠷᠡᠭᠯᠡᠵᠤ ᠵᠠᠰᠠᠨ ᠴᠢᠮᠡᠳᠡᠭ ᠶᠤᠮ᠃        ᠦᠰᠦ ᠪᠤᠭᠤᠬᠤ ᠳᠤ ᠰᠢᠭᠠᠮᠠᠯ ᠭᠡᠵᠢᠭᠡ ︵ᠠᠷᠤ ᠬᠤᠷᠴᠢᠨ ᠤ ᠵᠠᠷᠢᠮ ᠭᠠᠵᠠᠷ ᠲᠤ ᠦᠰᠦᠨ ᠲᠤᠶᠢᠪᠢ ᠭᠡᠵᠤ ᠬᠡᠯᠡᠳᠡᠭ︶ ᠬᠡᠷᠡᠭᠯᠡᠳᠡᠭ᠃ ᠲᠠᠷᠤᠢ ᠪᠡᠯᠡᠨ ᠦᠰᠦ ᠪᠠᠷ ᠬᠢᠭᠰᠡᠨ ᠦᠰᠦᠨ ᠤ ᠤᠭ ᠪᠤᠭᠤᠬᠤ ᠳᠤ ᠬᠡᠷᠡᠭᠯᠡᠬᠦ ᠪᠠᠭᠴᠠ ᠭᠡᠵᠢᠭᠡ᠂ ᠨᠢᠭᠡ ᠦᠵᠦᠭᠦᠷ ᠢ ᠨᠢ ᠴᠠᠪᠠᠤ ᠪᠠᠷ ᠨᠠᠭᠠᠯᠳᠤᠭᠤᠯᠵᠤ ᠪᠤᠭᠤᠵᠤ ᠤᠶᠠᠭᠰᠠᠨ ᠪᠠᠶᠢᠳᠠᠭ᠂ ᠬᠤᠤᠰ  ᠢᠶᠠᠷ ᠬᠡᠷᠡᠭᠯᠡᠳᠡᠭ᠃        ᠬᠡᠤᠬᠡᠨ ᠭᠡᠵᠢᠭᠡ ᠶᠢ ᠨᠢ ᠮᠠᠩᠨᠠᠢ ᠶᠢᠨ ᠭᠤᠤᠯ ᠠᠴᠠ ᠰᠢᠯᠢᠨ ᠬᠦᠵᠦᠭᠦᠨ ᠳᠤ ᠨᠢ ᠬᠦᠷᠲᠡᠯ᠎ᠡ ᠰᠢᠯᠤᠭᠤᠬᠠᠨ ᠬᠠᠭᠠᠯᠵᠤ᠂ ᠲᠠᠬᠢᠨ ᠴᠢᠬᠢᠨ ᠤ ᠤᠮᠤᠭ ᠲᠠᠢ ᠠᠰᠯᠠᠭᠤᠯᠵᠤ ᠪᠠᠷᠠᠭᠤᠨᠰᠢ ᠵᠡᠭᠦᠨᠰᠢ ᠪᠠᠨ ᠬᠠᠭᠠᠯᠵᠤ ᠴᠠᠮᠴᠢᠭ ︵ᠰᠠᠨᠴᠢᠭ︶ ᠭᠠᠷᠭᠠᠨ᠎ᠠ᠂ ᠲᠠᠷᠤᠢ ᠲᠦᠷᠪᠡᠨ ᠬᠡᠰᠡᠭ ᠭᠡᠵᠢᠭᠡ ᠪᠤᠯᠭᠠᠵᠤ᠂ ᠲᠤᠬᠤᠨ ᠤ ᠬᠤᠶᠠᠷ ᠬᠡᠰᠡᠭ ᠲᠤ ᠦᠰᠦ ᠪᠤᠭᠤᠨ᠎ᠠ᠃ ᠡᠮᠤᠨ᠎ᠡ ᠬᠤᠶᠠᠷ ᠬᠡᠰᠡᠭ ᠢ ᠨᠢ ᠴᠠᠮᠴᠢᠭ ᠲᠠᠷᠤᠭᠤᠯᠬᠤ ᠪᠠᠷ ᠪᠡᠯᠡᠳᠭᠡᠨ᠎ᠡ᠃        ᠦᠰᠦ ᠪᠤᠭᠤᠬᠤ ᠳᠤ ᠲᠠᠳᠠᠯᠭ᠎ᠠ ᠬᠡᠵᠤ ᠤᠯᠠᠭᠠᠨ ᠤᠳᠠᠰᠤ ᠶᠢ ᠭᠤᠷᠪᠠᠨ ᠮᠦᠰᠦᠯᠡᠵᠤ ᠨᠡᠶᠢᠳᠬᠡᠭᠰᠡᠨ ᠲᠤᠰᠬᠠᠢ ᠦᠰᠦᠨ ᠤ ᠤᠭ ᠢ ᠤᠷᠢᠶᠠᠬᠤ ᠪᠤᠭᠤᠯᠳᠠ ᠶᠢ ᠬᠡᠷᠡᠭᠯᠡᠳᠡᠭ᠃        ᠲᠤᠬᠤᠨ ᠤ ᠬᠤᠶᠠᠷ ᠬᠡᠰᠡᠭ ᠬᠡᠵᠢᠭᠡ ᠶᠢ ᠪᠠᠷᠠᠭᠤᠨ ᠲᠤᠬᠤᠨ ᠠᠴᠠ ᠡᠬᠢᠯᠡᠵᠤ ᠲᠤᠰ ᠲᠤᠰ ᠲᠤᠨᠢ ᠲᠡᠭᠡᠭᠰᠢ ᠠᠳᠬᠤᠨ ᠰᠠᠮᠨᠠᠵᠤ᠂ ᠲᠠᠳᠠᠯᠭ᠎ᠠ ᠶᠢ ᠬᠤᠶᠠᠷ ᠬᠤᠪᠢᠶᠠᠨ ᠬᠠᠭᠠᠰ ᠢᠶᠠᠷ ᠨᠢ ᠪᠠᠷᠠᠭᠤᠨ ᠲᠠᠯ᠎ᠠ ᠶᠢᠨ ᠦᠰᠦ ᠶᠢᠨ ᠤᠭ  ᠢ ᠤᠷᠢᠶᠠᠬᠤ ᠳᠤ ᠬᠤᠶᠠᠷ ᠰᠢᠭᠠᠮᠠᠯ ᠭᠡᠵᠢᠭᠡ ᠶᠢᠨ ᠨᠢᠭᠡ ᠶᠢ ᠭᠡᠵᠢᠭᠡᠨ ᠲᠡᠭᠡᠷ᠎ᠡ ᠲᠠᠯᠪᠢᠵᠤ ᠲᠠᠳᠠᠯᠭ᠎ᠠ ᠪᠠᠷ ᠤᠷᠢᠶᠠᠨ᠎ᠠ᠃ ᠲᠠᠬᠢᠨ ᠵᠡᠭᠦᠨ ᠲᠠᠯ᠎ᠠ ᠶᠢᠨ ᠲᠤᠬᠤᠨ ᠤ ᠭᠡᠵᠢᠭᠡᠨ ᠲᠡᠭᠡᠷ᠎ᠡ ᠨᠦᠭᠦᠭᠡ ᠰᠢᠭᠠᠮᠠᠯ ᠭᠡᠵᠢᠭᠡ ᠪᠠᠨ ᠲᠠᠯᠪᠢᠨ ᠦᠯᠡᠳᠡᠭᠰᠡᠨ ᠬᠠᠭᠠᠰ ᠲᠠᠳᠠᠯᠭ᠎ᠠ ᠪᠠᠷ ᠬᠤᠯᠪᠤᠨ ᠤᠷᠢᠶᠠᠨ᠎ᠠ᠃ ᠭᠡᠵᠢᠭᠡ ᠪᠠ ᠰᠢᠭᠠᠮᠠᠯ ᠭᠡᠵᠢᠭᠡ ᠶᠢ ᠲᠤᠰ ᠲᠤᠰ ᠭᠤᠷᠪᠠ ᠬᠤᠪᠢᠶᠠᠵᠤ ᠨᠡᠶᠢᠯᠡᠬᠦᠯᠤᠨ ᠪᠦᠳᠦᠭᠦᠨ ᠭᠡᠵᠢᠭᠡ ᠪᠤᠯᠭᠠᠨ ᠭᠦᠷᠦᠨ᠎ᠡ᠃        ᠲᠠᠷᠠᠭ᠎ᠠ ᠨᠢ ᠦᠰᠦᠨ ᠤ ᠰᠢᠬᠠᠭᠤᠷ ᠢᠶᠠᠨ ᠭᠦᠷᠦᠭᠰᠡᠨ ᠬᠤᠶᠠᠷ ᠭᠡᠵᠢᠭᠡᠨ ᠤ ᠪᠠᠨ ᠤᠭ ᠲᠤ ᠬᠦᠷᠳᠡᠯ᠎ᠡ ᠤᠭᠯᠠᠨ ᠰᠢᠬᠠᠵᠤ᠂ ᠬᠤᠶᠠᠷ ᠬᠠᠳᠬᠤᠭᠤᠷ ᠢ ᠦᠰᠦᠨ ᠤ ᠰᠢᠬᠠᠭᠤᠷ ᠤᠨ ᠲᠡᠭᠡᠷ᠎ᠡ ᠠᠴᠠ ᠲᠤᠷᠤᠭᠰᠢ ᠬᠠᠳᠬᠤᠵᠤ᠂ ᠬᠤᠶᠠᠷ ᠲᠤᠯᠤᠭᠤᠷ ᠢ ᠦᠰᠦᠨ ᠤ ᠰᠢᠬᠠᠭᠤᠷ ᠤᠨ ᠲᠤᠤᠷ᠎ᠠ ᠠᠴᠠ ᠲᠡᠭᠡᠭᠰᠢ ᠬᠠᠤᠬᠤᠵᠤ᠂ ᠲᠤᠯᠤᠭᠤᠷ ᠤᠨ ᠠᠮᠠᠨ  ᠳᠤ ᠭᠦᠷᠦᠭᠰᠡᠨ ᠬᠤᠶᠠᠷ ᠭᠡᠵᠢᠭᠡ ᠶᠢ ᠨᠢᠭᠡ ᠨᠢᠭᠡ ᠡᠮᠭᠦᠭᠦᠯᠵᠤ᠂ ᠬᠤᠶᠠᠷ ᠬᠠᠳᠬᠤᠭᠤᠷ ᠪᠤᠯᠤᠨ ᠲᠤᠶᠢᠪᠢ ︵ᠰᠢᠭᠠᠮᠠᠯ ᠭᠡᠵᠢᠭᠡ︶ ᠶᠢᠨ ᠵᠠᠪᠰᠠᠷ ᠬᠠᠪᠴᠢᠭᠤᠯᠤᠨ᠎ᠠ᠃        ᠰᠢᠭᠠᠮᠠᠯ ᠭᠡᠵᠢᠭᠡ ᠶᠢ ᠠᠷᠤ ᠬᠤᠷᠴᠢᠨ ᠤ ᠵᠠᠷᠢᠮ ᠭᠠᠵᠠᠷ ᠲᠤ ᠪᠠᠰᠠ ᠲᠤᠶᠢᠪᠢ ᠭᠡᠵᠤ ᠨᠡᠷᠡᠯᠡᠳᠡᠭ᠃ ᠲᠠᠷᠤᠢ ᠪᠡᠯᠡᠨ ᠭᠡᠵᠢᠭᠡ ᠪᠠᠷ ᠬᠢᠭᠰᠡᠨ ᠦᠰᠦᠨ ᠤ ᠤᠭ ᠢ ᠪᠤᠭᠤᠬᠤ ᠳᠤ ᠬᠡᠷᠡᠭᠯᠡᠬᠦ ᠪᠠᠭᠴᠠ ᠭᠡᠵᠢᠭᠡ ᠶᠢ ᠬᠡᠯᠡᠳᠡᠭ᠃ ᠶᠡᠷᠤᠳᠡᠭᠡᠨ ᠨᠢᠭᠡ ᠦᠵᠦᠭᠦᠷ ᠢ ᠨᠢ ᠴᠠᠪᠠᠤ ᠪᠠᠷ ᠪᠤᠭᠤᠵᠤ ᠤᠶᠠᠭᠰᠠᠨ ᠪᠦᠭᠡᠳ ᠭᠡᠵᠢᠭᠡ ᠶᠢ ᠪᠦᠳᠦᠭᠦᠨ ᠪᠤᠯᠭᠠᠬᠤ ᠦᠢᠯᠡᠳᠤᠯ ᠲᠠᠢ᠃ ᠪᠠᠰᠠ ᠬᠤᠯᠤᠰᠤᠨ ᠲᠡᠭᠡᠷ᠎ᠡ ᠰᠤᠯᠠ ᠭᠡᠵᠢᠭᠡ ᠪᠠᠨ ᠴᠠᠪᠠᠤ ᠪᠠᠷ ᠨᠠᠭᠠᠵᠤ᠂ ᠬᠤᠯᠤᠰᠤᠨ ᠤ ᠭᠠᠳᠠᠭᠤᠷ ᠬᠠᠷ᠎ᠠ ᠲᠤᠷᠭ᠎ᠠ ᠪᠠᠷ ᠪᠤᠭᠤᠵᠤ ᠤᠶᠤᠳᠠᠭ᠂ ᠬᠠᠳᠬᠤᠭᠤᠷ ᠤᠨ ᠲᠡᠪᠢᠰᠭᠡᠷ ᠮᠡᠳᠤ ᠪᠠᠶᠢᠳᠠᠭ᠃        ᠱᠠᠩᠬᠤᠯᠤᠭᠰᠠᠨ ᠦᠰᠦ ᠶᠢ ᠴᠢᠮᠡᠭᠦ ᠳᠤ ᠬᠤᠶᠠᠷ ᠲᠤᠯᠤᠭᠤᠷ ᠤᠨ ᠠᠮᠠᠨ ᠤ ᠲᠡᠭᠡᠭᠦᠷ ᠬᠤᠯᠪᠤᠭᠠᠰᠤ ᠭᠡᠵᠤ ᠮᠦᠩᠭᠦ ᠱᠢᠷᠤ ᠪᠠᠷ ᠬᠢᠭᠰᠡᠨ ᠭᠤᠬ᠎ᠠ ᠬᠡᠷᠡᠭᠯᠡᠨ᠎ᠡ᠃        ᠲᠤᠯᠤᠭᠠᠢ ᠶᠢᠨ ᠵᠠᠰᠠᠯ ᠳᠤ ᠪᠠᠰᠠ ᠰᠢᠪᠭᠡ ︵ᠰᠢᠪᠠᠬᠢ︶ ᠭᠡᠵᠤ ᠬᠤᠶᠠᠷ ᠪᠠᠶᠢᠳᠠᠭ᠃ ᠲᠠᠷᠤᠢ ᠪᠤᠭᠤᠭᠰᠠᠨ ᠦᠰᠦᠨ ᠤ ᠬᠤᠶᠠᠷ ᠲᠠᠯ᠎ᠠ ᠠᠴᠠ ᠬᠠᠳᠬᠤᠨ ᠵᠡᠭᠦᠭᠦ ᠡᠳ᠋ ᠶᠤᠮ᠃ ᠰᠢᠪᠬᠡ ᠶᠢᠨ ᠪᠦᠳᠦᠴᠡ ᠳᠤ ᠰᠢᠭᠢᠳᠭᠡᠷᠢ᠂ ᠲᠠᠪᠠᠭ᠂ ᠲᠤᠯᠤᠭᠠᠢ᠂ ᠭᠤᠶ᠎ᠠ ᠵᠡᠷᠭᠡ ᠪᠠᠶᠢᠳᠠᠭ᠃ ᠰᠢᠪᠬᠡ ᠶᠢᠨ ᠲᠤᠯᠤᠭᠠᠢ ᠠᠴᠠ ᠤᠨᠵᠢᠭᠤᠯᠤᠭᠰᠠᠨ ᠢ ᠤᠨᠵᠢᠯᠭ᠎ᠠ ᠭᠡᠳᠡᠭ ᠶᠡᠷᠦᠳᠡᠭᠡᠨ ᠬᠤᠶᠠᠷ ᠢ ᠬᠡᠷᠡᠭᠯᠡᠳᠡᠭ᠃ ᠤᠨᠵᠢᠯᠭ᠎ᠠ ᠶᠢ ᠠᠰ ᠲᠤᠨᠢ ᠡᠰᠢ᠂ ᠲᠤᠯᠤᠭᠠᠢ᠂ ᠬᠡᠯᠬᠢᠶᠡᠷᠢ ᠲᠠᠢ ᠬᠢᠳᠡᠭ ᠴᠦ ᠪᠤᠢ᠃ ᠡᠭᠦᠨ ᠢ ᠳ᠋ᠢᠩᠭᠠᠨ ᠭᠡᠵᠤ ᠴᠦ ᠬᠡᠯᠡᠳᠡᠭ᠃ ᠤᠨᠵᠢᠯᠭ᠎ᠠ ᠦᠭᠡᠢ ᠱᠢᠷᠤ᠂ ᠤᠭ᠍ᠶᠤ᠂ ᠯᠤᠤ ᠶᠢᠨ ᠲᠤᠯᠤᠭᠠᠢ ᠲᠠᠢ ᠴᠦ ᠪᠤᠢ᠃        ᠦᠰᠦ ᠪᠠᠨ ᠱᠠᠩᠬᠤᠯᠠᠭᠰᠠᠨ ︵ᠪᠤᠭᠤᠭᠰᠠᠨ︶ ᠤ ᠰᠡᠭᠦᠯᠡᠷ ᠰᠠᠨᠴᠢᠭ ︵ᠪᠠᠰᠠ ᠴᠠᠮᠴᠢᠭ ᠭᠡᠵᠤ ᠬᠡᠯᠡᠳᠡᠭ︶  ᠤᠨ ᠦᠰᠦ ᠪᠠᠨ ᠰᠠᠶᠢᠬᠠᠨ ᠰᠠᠮᠨᠠᠵᠤ ᠮᠤᠰᠬᠢᠨ ᠴᠢᠬᠢᠨ ᠤ ᠤᠮᠤᠭ ᠢ ᠲᠠᠷᠤᠵᠤ ᠬᠤᠶᠢᠰᠢ ᠪᠠᠨ ᠪᠤᠭᠤᠭᠰᠠᠨ ᠦᠰᠦᠨ  ᠳᠤ ᠪᠠᠨ ᠤᠷᠢᠶᠠᠨ᠎ᠠ᠃ ᠴᠠᠮᠴᠢᠭ ᠢᠶᠠᠨ ᠬᠤᠶᠠᠷ ᠬᠤᠪᠢᠶᠠᠭᠠᠳ ᠲᠦᠷᠪᠡᠨ ᠴᠠᠮᠴᠢᠭ ᠭᠠᠷᠭᠠᠳᠠᠭ ᠴᠦ ᠪᠤᠢ᠃        ᠴᠠᠮᠴᠢᠭ ᠢᠶᠠᠨ ᠲᠠᠷᠤᠭᠤᠯᠤᠭᠰᠠᠨ ᠤ ᠰᠡᠭᠦᠯᠡᠷ ᠬᠠᠳᠠᠯᠢᠭ ᠢᠶᠠᠷ ᠪᠤᠭᠤᠭᠰᠠᠨ ᠦᠰᠦᠨ ᠤ ᠡᠮᠤᠨᠡᠭᠦᠷ ᠲᠤᠯᠤᠭᠠᠢ ᠪᠠᠨ ᠤᠷᠢᠶᠠᠨ᠎ᠠ᠃ ᠬᠠᠳᠠᠯᠢᠭ ᠨᠢ ᠲᠤᠯᠤᠭᠠᠢ ᠶᠢᠨ ᠤᠷᠤᠢ ᠳᠤ ᠬᠠᠳᠠᠯᠢᠩ ᠭᠡᠵᠤ ᠲᠤᠮᠤ ᠱᠢᠷᠤᠨ ᠰᠢᠭᠢᠳᠭᠡᠷᠢ ᠲᠠᠢ ᠪᠠᠶᠢᠳᠠᠭ᠂ ᠡᠭᠦᠨ ᠤ ᠡᠮᠤᠨᠡᠭᠦᠷ ᠲᠠᠳᠠᠭᠤᠷ ᠢᠶᠠᠨ ᠲᠠᠳᠠᠨ᠎ᠠ᠃ ᠪᠤᠭᠤᠭᠰᠠᠨ ᠦᠰᠦᠨ ᠤ ᠤᠭ ᠢᠶᠠᠷ ᠲᠤᠷᠭᠠᠨ ᠠᠯᠴᠢᠭᠤᠷ ᠲᠠᠳᠠᠨ᠎ᠠ ︵ᠤᠷᠢᠶᠠᠨ᠎ᠠ︶᠂ ᠲᠠᠷᠠᠭ᠎ᠠ ᠨᠢ ᠮᠦᠩᠭᠦᠨ ᠭᠤᠤ ︵ᠲᠤᠯᠢ︶ ᠲᠠᠢ ᠪᠤᠤ ︵ᠲᠠᠪᠤᠨ ᠭᠤᠤᠯ ᠲᠠᠢ ᠡᠷᠳᠡᠨᠢ︶ ᠶᠢ ᠲᠤᠷᠭᠠᠨ ᠠᠯᠴᠢᠭᠤᠷ ᠲᠡᠭᠡᠷ᠎ᠡ ᠲᠠᠳᠠᠨ᠎ᠠ᠃ ᠡᠨᠡ  ᠨᠢ ᠲᠠᠳᠠᠭᠤᠷ ᠮᠡᠳᠤ ᠮᠦᠩᠭᠦᠨ ᠭᠤᠤ ᠶᠢᠨ ᠵᠠᠪᠰᠠᠷ ᠨᠢ ᠱᠢᠷᠤ ᠪᠠᠷ ᠵᠠᠭᠠᠭᠯᠠᠨ ᠬᠡᠯᠬᠢᠨ᠎ᠡ᠃        ᠦᠰᠦ ᠪᠤᠭᠤᠬᠤ ᠳᠤ ᠪᠠᠨ ᠦᠰᠦ ᠪᠠᠨ ᠵᠦᠷᠢᠭᠦᠯᠤᠨ ᠤᠷᠢᠶᠠᠳᠠᠭ ᠦᠭᠡᠢ᠂ ᠬᠤᠶᠠᠷ ᠲᠡᠰᠢ ᠪᠠᠨ ᠤᠷᠢᠶᠠᠬᠤ ᠶᠤᠰᠤ ᠲᠠᠢ᠃        ᠬᠢᠮᠳᠠ ᠭᠢᠯᠪᠠᠷ ᠢ ᠪᠤᠳᠤᠵᠤ ᠬᠠᠯᠪᠠᠭᠠᠨ ᠬᠠᠳᠬᠤᠭᠤᠷ ᠢ ᠴᠦ ᠬᠡᠷᠡᠭᠯᠡᠳᠡᠭ᠂ ᠡᠨᠡ ᠨᠢ ᠬᠠᠯᠪᠠᠭ᠎ᠠ ᠶᠢᠨ ᠬᠡᠯᠪᠡᠷᠢ ᠲᠠᠢ ᠱᠢᠷᠤ ᠶᠢᠨ ᠰᠢᠭᠢᠳᠭᠡᠷᠢ ᠲᠠᠢ ᠪᠠᠶᠢᠳᠠᠭ᠃        ᠤᠳᠤ ᠶᠢᠨ ᠴᠠᠭ ᠲᠤ ᠬᠡᠳᠦᠶᠢᠪᠡᠷ ᠮᠤᠩᠭᠤᠯᠴᠤᠳ ᠤᠨ ᠦᠨᠳᠤᠰᠤᠳᠡᠨ ᠤ ᠤᠯᠠᠮᠵᠢᠯᠠᠯᠳᠤ ᠵᠠᠩ ᠵᠢᠷᠤᠮ ᠢ ᠤᠯᠠᠮᠵᠢᠯᠠᠨ ᠬᠦᠭᠵᠢᠭᠦᠯᠵᠤ ᠪᠠᠶᠢᠨ᠎ᠠ ᠭᠡᠳᠡᠭ ᠪᠤᠯᠪᠠᠴᠤ᠂ ᠡᠮᠡᠭᠳᠡᠶᠢᠴᠤᠳ ᠤᠨ ᠵᠠᠰᠠᠯ ᠴᠢᠮᠡᠭᠯᠡᠯ ᠤᠨ ᠲᠠᠯ᠎ᠠ ᠪᠠᠷ ᠤᠯᠠᠮᠵᠢᠯᠠᠯ ᠲᠠᠢ ᠵᠦᠷᠢᠵᠤ ᠪᠠᠶᠢᠭ᠎ᠠ ᠦᠵᠡᠭᠳᠡᠯ ᠡᠳᠤᠢ ᠲᠡᠳᠤᠢ ᠬᠠᠷᠠᠭᠳᠠᠵᠤ ᠪᠠᠶᠢᠨ᠎ᠠ᠂ ᠲᠡᠶᠢᠮᠤ ᠪᠠᠷ ᠢᠶᠠᠨ ᠵᠠᠯᠠᠭᠤ ᠪᠡᠷᠢᠶᠡᠳ ᠬᠡᠤᠭᠡᠳ ᠲᠤ ᠲᠤᠯᠤᠭᠠᠢ ᠶᠢᠨ ᠵᠠᠰᠠᠯ ᠤᠨ ᠠᠯᠬᠤᠮ ᠲᠠᠷᠠᠭ᠎ᠠ ᠶᠤᠰᠤ ᠵᠢᠷᠤᠮ ᠤᠨ ᠲᠠᠯ᠎ᠠ ᠪᠠᠷ ᠵᠦᠪ ᠤᠶᠢᠯᠠᠭᠠᠭᠤᠯᠬᠤ ᠶᠢ ᠪᠤᠳᠤᠵᠤ ᠲᠦᠭᠦᠮ ᠲᠠᠶᠢᠯᠪᠤᠷᠢ ᠶᠢ ᠪᠢᠴᠢᠪᠡ᠃
                                                         ᠵᠤᠭᠠᠴᠢᠨ · ᠰᠡᠴᠡᠨ ᠡᠮᠬᠢᠳᠬᠡᠪᠡ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号