ᠶᠡᠭᠡ ᠡᠷᠳᠡᠮᠳᠡᠨ ᠪᠢᠮᠪᠠ ᠶᠢᠨ ᠷᠢᠨᠴᠢᠨ ᠪᠠᠭᠰᠢ ᠳᠤ ᠭᠠᠶᠢᠬᠠᠭᠳᠠᠭᠰᠠᠨ ᠬᠦᠮᠤᠨ
ᠨᠡᠶᠢᠲᠡᠯᠡᠭᠰᠡᠨ ᠴᠠᠭ᠄
2020/8/7
     ᠦᠩᠭᠡᠷᠡᠭᠰᠡᠨ ᠵᠠᠭᠤᠨ ᠤ ᠲᠤᠮᠳᠠᠴᠢ ᠦᠶ᠎ᠡ᠂ 1957 ᠤᠨ ᠤ ᠵᠤᠨ᠂ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠪᠦᠬᠦ ᠴᠤᠤᠳᠤ ᠬᠤᠭᠤᠷᠴᠢ ᠨᠠᠷ ᠢ ᠬᠦᠬᠡᠬᠤᠳᠠ ᠳᠤ ᠴᠤᠭᠯᠠᠷᠠᠭᠤᠯᠵᠤ ᠭᠠᠷᠴᠠᠭ ᠪᠠ ᠰᠡᠳᠦᠪ ᠢ ᠪᠠᠷᠢᠨ ᠲᠤᠷᠠᠳᠴᠤ ᠲᠠᠪᠤᠨ ᠮᠢᠨᠦ᠋ᠲ ᠤᠨ ᠲᠤᠳᠤᠷ᠎ᠠ ᠤᠷᠭᠤᠭ᠎ᠠ ᠬᠤᠯᠪᠤᠭ᠎ᠠ ᠬᠡᠯᠡᠭᠦᠯᠵᠤ᠂ ᠤᠳᠬ᠎ᠠ ᠰᠡᠳᠦᠪ ᠤᠨᠤᠪᠴᠢᠳᠠᠢ᠂ ᠯᠤᠭᠢᠭ ᠨᠡᠶᠢᠴᠡᠪᠦᠷᠢᠲᠠᠢ᠂ ᠤᠷᠠᠨ ᠬᠡᠯᠡᠯᠭᠡ ᠰᠤᠨᠤᠰᠪᠤᠷᠢᠳᠠᠢ ᠶᠢ ᠬᠠᠷᠠᠭᠤᠯᠤᠭᠰᠠᠨ ᠮᠦᠷᠦᠶᠢᠴᠡᠭᠡᠨ ᠪᠤᠯᠤᠭᠰᠠᠨ ᠳᠤ ᠪᠦᠬᠦ ᠤᠷᠤᠨ ᠤ ᠵᠢᠷᠠ ᠲᠠᠯᠠᠨ ᠠᠯᠳᠠᠷᠳᠤ ᠬᠤᠭᠤᠷᠴᠢ ᠴᠤᠭᠯᠠᠷᠠᠨ ᠬᠤᠭᠤᠷᠳᠠᠨ ᠶᠠᠷᠢᠬᠤ ᠶᠢᠨ ᠭᠠᠶᠢᠬᠠᠮᠰᠢᠭ ᠢ ᠦᠵᠡᠭᠦᠯᠵᠡᠢ᠃ ᠲᠤᠬᠠᠢ ᠶᠢᠨ ᠦᠶ᠎ᠡ ᠳᠤ ᠠᠷᠤ ᠬᠤᠷᠴᠢᠨ ᠠᠴᠠ ᠬᠤᠭᠤᠷᠴᠢ ᠪᠠᠯᠳᠠᠨ ᠤᠷᠤᠯᠴᠠᠵᠤ᠂ ᠦᠪᠡᠷ ᠤᠨ ᠲᠤᠬᠢᠶᠠᠯᠳᠤᠭᠰᠠᠨ ᠤᠨᠤᠭᠠᠨ ᠳᠠᠭᠠᠨ ᠨᠢᠭᠡ ᠯᠠ ᠠᠮᠢᠰᠬᠤᠭ᠎ᠠ ᠪᠠᠷ ᠲᠠᠪᠤᠨ ᠮᠢᠨᠦ᠋ᠲ ᠤᠨ ᠮᠠᠭᠳᠠᠭᠠᠯ ᠬᠤᠯᠪᠤᠭ᠎ᠠ ᠪᠠᠨ ᠬᠡᠯᠡᠵᠤ ᠲᠠᠭᠤᠰᠳᠠᠯ᠎ᠠ ᠬᠢᠨᠠᠭᠴᠢ ᠶᠢᠨ ᠲᠠᠶᠢᠵᠠᠨ ᠠᠴᠠ ᠨᠢᠭᠡ ᠬᠦᠮᠤᠨ ᠪᠠᠭᠤᠵᠤ ᠢᠷᠡᠭᠡᠳ᠄ ︽ᠲᠠ ᠴᠢᠨᠢ ᠠᠯᠢ ᠬᠤᠰᠢᠭᠤᠨ ᠤ ᠬᠦᠮᠤᠨ ᠪᠢᠯᠡ᠂ ᠠᠰᠤᠷᠤ ᠪᠠᠶᠠᠯᠢᠭ ᠬᠡᠯᠡᠯᠭᠡ ᠲᠠᠢ ᠬᠦᠮᠤᠨ ᠪᠠᠶᠢᠨ᠎ᠠ︾ ᠬᠡᠭᠦ ᠳᠤ ᠪᠠᠯᠳᠠᠨ ᠬᠤᠭᠤᠷᠴᠢ᠄ ︽ᠪᠢ ᠵᠤᠤ ᠤᠳᠠ ᠠᠶᠢᠮᠠᠭ ᠤᠨ ᠠᠷᠤ ᠬᠤᠷᠴᠢᠨ ᠠᠴᠠ ᠢᠷᠡᠪᠡ ᠁︾ ᠬᠡᠵᠡᠢ᠃ ᠡᠭᠦᠨ ᠳᠤ ᠲᠡᠷᠡ ᠬᠦᠮᠤᠨ᠄ ︽ᠲᠠ ᠦᠨᠡᠭᠡᠷ ᠭᠠᠶᠢᠬᠠᠮᠰᠢᠭᠳᠠᠢ ᠬᠤᠯᠪᠤᠭ᠎ᠠ ᠬᠡᠯᠡᠯ᠎ᠡ᠃ ᠮᠤᠩᠭᠤᠯ ᠦᠭᠡ ᠪᠠᠨ ᠶᠡᠭᠡ ᠪᠠᠶᠠᠯᠢᠭ ᠭᠡᠷᠡᠭᠯᠡᠳᠡᠭ ᠨᠤᠲᠤᠭ ᠤᠨ ᠬᠦᠮᠤᠨ ᠪᠠᠶᠢᠨ᠎ᠠ︾᠂ ︽ᠮᠤᠩᠭᠤᠯ ᠬᠦᠮᠤᠨ ᠪᠤᠰᠤᠳ ᠲᠤ ᠬᠠᠭᠤᠴᠢᠨ ᠬᠤᠪᠴᠠᠰᠤ ᠪᠡᠯᠡᠭᠯᠡᠳᠡᠭ ᠦᠭᠡᠢ ᠶᠤᠮ᠂ ᠭᠡᠪᠡᠴᠤ ᠨᠠᠳᠠ ᠳᠤ ᠦᠭᠡᠷ᠎ᠡ ᠦᠭᠭᠦᠮᠡᠷ ᠶᠠᠭᠤᠮ᠎ᠠ ᠠᠯᠠᠭ᠎ᠠ︾ ᠭᠡᠵᠤ ᠬᠡᠯᠡᠭᠡᠳ ᠭᠠᠳᠠᠭᠤᠷ ᠡᠮᠤᠰᠴᠤ ᠪᠠᠶᠢᠭᠰᠠᠨ ᠰᠢᠨᠧᠯ ︵ᠤᠷᠲᠤ ᠭᠠᠳᠠᠷ ᠬᠦᠷᠮ᠎ᠡ︶ ᠢᠶᠠᠨ ᠲᠠᠶᠢᠯᠵᠤ ᠲᠤᠷᠠᠰᠬᠠᠯ ᠪᠤᠯᠭᠠᠨ ᠭᠠᠷᠳᠠᠭᠤᠯᠤᠭᠠᠳ ᠪᠠᠶᠠᠷᠯᠠᠭᠰᠠᠨ ᠰᠡᠳᠬᠢᠯ ᠢᠶᠠᠨ ᠢᠯᠡᠳᠬᠡᠵᠤ᠄ ︽ᠨᠠᠮ᠎ᠠ ᠶᠢ ᠪᠢᠮᠪᠠ ᠶᠢᠨ ᠷᠢᠨᠴᠢᠨ ᠭᠡᠳᠡᠭ ᠶᠤᠮ︾ ᠭᠡᠵᠤ ᠪᠡᠶ᠎ᠡ ᠪᠠᠨ ᠲᠠᠨᠢᠯᠴᠠᠭᠤᠯᠵᠠᠢ᠃ ᠲᠤᠬᠠᠢ ᠶᠢᠨ ᠲᠠᠯᠠᠪᠠᠢ ᠳᠤ ᠠᠭᠰᠠᠨ ᠬᠤᠳᠠᠯᠠ ᠨᠠᠰᠤᠳᠠᠨ ᠡᠨᠡ ᠵᠤᠭᠤᠭ ᠢ ᠨᠠᠳᠠᠳᠤ 1979 ᠤᠨ ᠤ ᠡᠪᠤᠯ ᠶᠠᠷᠢᠭᠰᠠᠨ ᠢ ᠪᠢ ᠤᠳᠤ ᠪᠤᠯᠳᠠᠯ᠎ᠠ ᠴᠡᠭᠡᠵᠢᠯᠡᠭᠰᠡᠭᠡᠷ ᠶᠤᠮ᠃      ᠦᠨᠡᠭᠡᠷ ᠮᠠᠨ ᠤ ᠠᠷᠤ ᠬᠤᠷᠴᠢᠨ ᠬᠤᠰᠢᠭᠤᠨ ᠤ ᠲᠤᠤᠳᠠᠨ ᠨᠤᠲᠤᠭ ᠤᠨ ᠬᠤᠭᠤᠷᠴᠢ ᠪᠠᠯᠳᠠᠨ ᠠᠪᠤ ᠮᠠᠨᠢ ᠬᠠᠷᠢᠨ ᠮᠤᠩᠭᠤᠯ ᠦᠭᠡ ᠶᠢᠨ ᠪᠠᠶᠠᠯᠢᠭ ᠢᠶᠠᠷ ᠢᠶᠠᠨ ᠦᠵᠦᠭᠦᠷ ᠮᠠᠩᠯᠠᠢ ᠪᠤᠯᠵᠤ᠂ ᠮᠤᠩᠭᠤᠯ ᠤᠯᠤᠰ ᠤᠨ ᠶᠡᠭᠡ ᠡᠷᠳᠡᠮᠳᠡᠨ ᠪᠢᠮᠪᠠ ᠶᠢᠨ ᠷᠢᠨᠴᠢᠨ ᠪᠠᠭᠰᠢ ᠳᠤ ᠭᠠᠶᠢᠬᠠᠭᠳᠠᠭᠰᠠᠨ ᠮᠤᠨᠳᠠᠭ ᠠᠯᠳᠠᠷ ᠲᠠᠢ ᠬᠦᠮᠤᠨ ᠪᠠᠶᠢᠵᠤᠬᠤᠢ᠃     ︵ᠯᠠᠩᠪᠤᠷᠢᠨᠴᠢᠨ︶
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号