ᠮᠤᠩᠭᠤᠯ ᠭᠡᠷ ᠪᠤᠯ ᠬᠠᠮᠤᠭ ᠠᠩᠬᠠᠨ ᠤ ᠤᠷᠤᠨ ᠰᠠᠭᠤᠴᠠ ᠪᠤᠯᠤᠨ᠎ᠠ᠂ ᠠᠭᠤᠯᠨ ᠪᠠᠨ ᠲᠦᠰᠢᠨ ᠤᠰᠤ ᠪᠠᠨ | ᠳᠠᠭᠠᠵᠤ ᠨᠠᠭᠦᠳᠡᠯᠯᠡᠨ ᠮᠠᠯᠵᠢᠬᠤ ᠳᠠᠭᠠᠨ ᠮᠤᠩᠭᠤᠯ ᠭᠡᠷ ᠢᠶᠠᠨ ᠠᠮᠢ ᠭᠤᠤᠯ ᠲᠠᠢ ᠪᠠᠨ ᠬᠤᠯᠪᠤᠵᠤ ᠢᠷᠡᠪᠡ᠃ | ᠮᠤᠩᠭᠤᠯ ᠭᠡᠷ ᠨᠢ ᠲᠤᠭᠤᠨᠤ᠂ ᠤᠨᠢ᠂ ᠬᠠᠨ᠎ᠠ᠂ ᠡᠭᠦᠳᠡ ᠲᠤᠳᠤᠭᠤ᠂ ᠳᠡᠭᠡᠪᠦᠷ᠂ ᠲᠤᠭᠤᠷᠭ᠎ᠠ᠂ ᠪᠦᠷᠢᠶᠡᠰᠦ᠂ | ᠳᠤᠲᠤᠷ ᠭᠠᠳᠠᠷ ᠲᠦᠷᠪᠡᠨ ᠪᠦᠰᠡᠯᠡᠭᠦᠷ᠂ ᠡᠷᠦᠬᠡ᠂ ᠬᠦᠯᠳᠦᠷᠭᠡ᠂ ᠡᠷᠦᠬᠡ ᠶᠢᠨ ᠣᠭᠤᠰᠣᠷ ᠵᠡᠷᠭᠡ ᠪᠦᠲᠦᠴᠠ ᠲᠠᠢ | ᠃ ᠬᠠᠪᠤᠷ᠂ ᠵᠤᠨ᠂ ᠨᠠᠮᠤᠷ ᠲᠠᠭᠠᠨ ᠬᠤᠯᠤᠰᠤᠨ ᠲᠤᠭᠤᠷᠭ᠎ᠠ ᠳᠡᠭᠡᠪᠦᠷ ᠬᠡᠷᠡᠭᠯᠡᠵᠤ᠂ ᠡᠪᠦᠯ ᠳᠡᠭᠡᠨ ᠳᠤᠲᠤᠭᠤᠷ ᠨᠢ | ᠢᠰᠠᠭᠡᠢ ᠪᠦᠷᠢᠶᠡᠰᠦ ᠳᠠᠪᠬᠤᠷᠯᠠᠨᠠ᠃ | ᠮᠤᠩᠭᠤᠯ ᠭᠡᠷ ᠤᠨ ᠪᠦᠲᠦᠴᠡ ᠳᠤ ᠳᠦᠷᠪᠡᠨ ᠬᠠᠨᠠᠲᠤ᠂ ᠵᠢᠷᠭᠤᠭᠠᠨ ᠬᠠᠨᠠᠲᠤ᠂ ᠨᠠᠢᠮᠠᠨ ᠬᠠᠨᠠᠲᠤ᠂ ᠠᠷᠪᠠᠨ | ᠬᠠᠨᠠᠲᠤ ᠭᠡᠵᠤ ᠶᠡᠭᠡ ᠪᠠᠭ᠎ᠠ ᠠᠳᠠᠯᠢ ᠪᠤᠰᠤ ᠶᠢᠨ ᠪᠤᠢ᠃ ᠡᠭᠡᠯ ᠠᠷᠠᠳ᠂ ᠶᠠᠳᠠᠭᠤ ᠵᠦᠳᠡᠭᠦᠦ ᠬᠦᠮᠦᠰ ᠳᠦᠷᠪᠡ᠂ | ᠵᠢᠷᠭᠤᠭᠠᠨ ᠬᠠᠨᠠᠲᠤ ᠭᠡᠷ ᠲᠤ ᠰᠠᠭᠤᠵᠤ᠂ ᠪᠠᠶᠠᠳ ᠢᠵᠠᠭᠤᠷᠲᠠᠳ ᠨᠠᠢᠮᠠᠨ ᠬᠠᠨᠠᠲᠤ᠂ ᠠᠷᠪᠠᠨ ᠬᠠᠨᠠᠲᠤ ᠭᠡᠷ ᠲᠤ | ᠰᠠᠭᠤᠳᠠᠭ᠃ | ᠮᠤᠩᠭᠤᠯ ᠭᠡᠷ ᠢ ᠳᠦᠷᠪᠡᠨ ᠤᠯᠠᠷᠢᠯ ᠤᠨ ᠴᠠᠭ ᠠᠭᠠᠷ ᠤᠨ ᠨᠦᠭᠦᠴᠡᠯ ᠳᠤ ᠵᠤᠬᠢᠴᠠᠭᠤᠯᠤᠨ ᠤᠷᠤᠨ ᠪᠠᠶᠢᠷᠢ | ᠰᠤᠩᠭᠤᠨ ᠪᠤᠰᠬᠠᠳᠠᠭ᠃ ᠮᠦᠨ ᠴᠠᠭ ᠠᠭᠠᠷ ᠤᠨ ᠬᠡᠷᠡᠭᠴᠡᠭᠡ ᠪᠠᠷ ᠶᠡᠬᠡᠰᠭᠡᠵᠤ ᠪᠠᠭᠠᠰᠬᠠᠵᠤ ᠪᠤᠯᠳᠠᠭ ᠪᠦᠭᠡᠳ ᠵᠤᠨ | ᠳᠠᠭᠠᠨ ᠭᠡᠷ ᠤᠨ ᠢᠶᠠᠨ ᠭᠠᠳᠠᠭᠤᠷ ᠨᠢ ᠨᠠᠷᠢᠨ ᠰᠤᠪᠠᠭ ᠲᠠᠲᠠᠨ ᠪᠤᠷᠤᠭᠠᠨ ᠤ ᠤᠰᠤ ᠤᠷᠤᠬᠤ ᠶᠢ ᠰᠡᠷᠭᠡᠶᠢᠯᠡᠨ᠂ ᠡᠪᠦᠯ | ᠬᠠᠪᠤᠷ ᠲᠠᠭᠠᠨ ᠬᠤᠶᠢᠨ᠎ᠠ᠂ ᠵᠡᠭᠦᠨ᠂ ᠪᠠᠷᠠᠭᠤᠨ ᠵᠦᠭ ᠲᠤ ᠤᠡᠭᠭᠠᠰᠤᠨ ᠳᠡᠭᠡᠰᠦ ᠪᠤᠶᠤ ᠬᠢᠯᠭᠠᠰᠤᠨ ᠳᠡᠭᠡᠰᠦ | ᠲᠠᠲᠠᠳᠠᠭ᠂ ᠭᠡᠬᠦ ᠳᠡᠭᠡᠨ ᠭᠠᠳᠠᠰᠤ ᠶᠢ ᠨᠢ ᠭᠠᠳᠠᠭᠰᠢ ᠵᠢᠰᠢᠭᠦᠦ ᠱᠢᠭᠠᠵᠤ᠂ ᠰᠠᠯᠬᠢᠨ ᠰᠢᠭᠤᠷᠭᠠᠨ ᠢ ᠰᠡᠷᠭᠡᠶᠢᠯᠡᠳᠡᠭ᠃ | ᠨᠠᠮᠤᠷ ᠲᠠᠭᠠᠨ ᠬᠤᠯᠤᠰᠤ ᠲᠠᠲᠠᠬᠤ ᠪᠦᠭᠡᠳ ᠲᠤᠭᠤᠷᠭ᠎ᠠ ᠳᠡᠭᠡᠪᠦᠷ ᠢ ᠤᠷᠬᠢᠵᠤ ᠬᠢᠬᠦ᠂ ᠡᠰᠡᠭᠦᠯ᠎ᠡ ᠬᠡᠯᠬᠢᠵᠦ ᠭᠢᠳᠡᠭ᠃ | ᠳᠠᠷᠤᠢ ᠲᠤᠰᠬᠠᠢ ᠪᠡᠯᠡᠳᠬᠡᠭᠰᠡᠨ ᠬᠤᠯᠤᠰᠤᠨ ᠵᠡᠭᠦᠦ ᠪᠠᠷ ᠬᠤᠯᠤᠰᠤ ᠪᠠᠨ ᠬᠡᠯᠬᠢᠵᠤ ᠤᠶᠤᠳᠠᠭ᠃ | ᠮᠤᠩᠭᠤᠯ ᠭᠡᠷ ᠤᠨ ᠭᠤᠤᠯ ᠳᠤᠮᠳᠠ ᠲᠤᠯᠭ᠎ᠠ ᠪᠠᠨ ᠪᠠᠶᠢᠷᠢᠰᠢᠭᠤᠯᠵᠤ᠂ ᠪᠠᠷᠠᠭᠤᠨ᠂ ᠬᠤᠶᠢᠨ᠎ᠠ᠂ ᠵᠡᠭᠦᠨ ᠲᠠᠯ᠎ᠠ | ᠳᠤᠨᠢ ᠪᠠᠨᠳᠠᠩ ᠲᠠᠯᠪᠢᠵᠤ᠂ ᠳᠡᠭᠡᠷ᠎ᠡ ᠨᠢ ᠢᠰᠡᠭᠡᠢ᠂ ᠭᠡᠪᠢᠰ᠂ ᠬᠤᠨᠢ ᠪᠢᠷᠠᠭᠤᠨ ᠠᠷᠠᠰᠤ ᠳᠡᠪᠢᠰᠦᠨ᠎ᠡ᠃ ᠪᠠᠷᠠᠭᠤᠨ | ᠬᠤᠶᠢᠨ᠎ᠠ ᠲᠠᠯ᠎ᠠ ᠳᠤ ᠪᠤᠷᠬᠠᠨ ᠰᠢᠷᠡᠭᠡ ᠪᠠᠨ ᠲᠠᠯᠪᠢᠵᠤ᠂ ᠳᠡᠭᠡᠷ᠎ᠡ ᠨᠢ ᠪᠤᠷᠬᠠᠨ ᠰᠢᠲᠦᠭᠡᠨ ᠢᠶᠠᠨ ᠳᠠᠬᠢᠵᠤ ᠬᠦᠵᠢ | ᠵᠤᠯᠨ ᠪᠠᠨ ᠠᠰᠠᠭᠠᠨ᠎ᠠ᠃ ᠪᠠᠰᠠ ᠵᠠᠷᠢᠮ ᠠᠶᠢᠯ ᠨᠢ ᠠᠪᠳᠠᠷ᠎ᠠ ᠲᠠᠯᠪᠢᠵᠤ ᠳᠡᠭᠡᠷ᠎ᠡ ᠨᠢ ᠬᠦᠡᠭᠭᠠᠷᠪᠠ ᠳᠤ ᠪᠤᠷᠬᠠᠨ | ᠰᠢᠲᠦᠭᠡᠨ ᠢᠶᠠᠨ ᠲᠠᠭᠢᠨ᠎ᠠ᠃ ᠪᠠᠷᠠᠭᠤᠨ ᠡᠮᠦᠨ᠎ᠡ ᠲᠠᠯ᠎ᠠ ᠳᠤ ᠡᠮᠡᠭᠡᠯ ᠬᠠᠵᠠᠭᠠᠷ ᠵᠡᠷᠭᠡ ᠮᠤᠷᠢᠨ ᠤ ᠡᠳ᠋ᠯᠡᠯ ᠵᠡᠷᠭᠡ ᠶᠢ | ᠬᠠᠨᠠᠨ ᠠᠴᠠ ᠡᠯᠭᠦᠵᠤ᠂ ᠪᠠᠷᠠᠭᠤᠨ ᠲᠠᠯ᠎ᠠ ᠪᠠᠷ ᠪᠦᠷ ᠯᠨ ᠡᠷᠡᠭᠲᠡᠶᠢᠴᠦᠳ ᠤᠨ ᠡᠳ᠋ᠯᠡᠵᠤ ᠬᠡᠷᠡᠭᠰᠡᠬᠦ ᠵᠦᠢᠯᠡᠰ ᠢ | ᠲᠠᠯᠪᠢᠨ᠎ᠠ᠃ | ᠮᠤᠩᠭᠤᠯ ᠭᠡᠷ ᠤᠨ ᠬᠤᠶᠢᠲᠤ ᠲᠠᠯ᠎ᠠ ᠪᠠᠷ ᠲᠤᠮᠤ ᠠᠪᠳᠠᠷ᠎ᠠ ᠪᠤᠶᠤ ᠤᠷᠤᠨ ᠰᠢᠷᠡᠭᠡ ᠲᠠᠯᠪᠢᠵᠤ᠂ ᠬᠤᠪᠴᠠᠰᠤ | ᠬᠤᠨᠠᠷ᠂ ᠬᠦᠨᠵᠢᠯᠨ ᠳᠡᠪᠢᠰᠭᠡᠷ ᠢᠶᠠᠨ ᠬᠤᠷᠢᠶᠠᠳᠠᠭ᠃ ᠶᠡᠷᠦ ᠨᠢ ᠬᠡᠶᠢᠴᠢᠨ ᠵᠤᠴᠢᠨ ᠳᠤ ᠪᠡᠯᠡᠳᠬᠡᠭᠰᠡᠨ ᠢᠯᠡᠭᠦᠴᠡ | ᠤᠷᠤ ᠳᠡᠪᠢᠰᠭᠡᠷ ᠢ ᠳᠤᠤᠷ᠎ᠠ ᠨᠢ ᠲᠠᠯᠪᠢᠵᠤ᠂ ᠪᠠᠶᠢᠡᠭᠭᠤ ᠭᠡᠷᠡᠭᠯᠡᠳᠡᠭ ᠬᠦᠨᠵᠢᠯᠨ ᠳᠡᠪᠢᠰᠭᠡᠷ᠂ ᠬᠤᠪᠴᠠᠰᠤ ᠬᠤᠨᠠᠷ ᠢ | ᠳᠡᠭᠡᠷ᠎ᠡ ᠨᠢ ᠬᠤᠷᠢᠶᠠᠵᠤ᠂ ᠦᠡᠭᠭᠡ ᠵᠢᠷᠤᠭ ᠢ ᠨᠢ ᠢᠯᠨ ᠭᠠᠷᠭᠠᠨ᠎ᠠ᠃ ᠲᠤᠮᠤ ᠠᠪᠳᠠᠷ᠎ᠠ᠂ ᠤᠷᠤᠨ ᠰᠢᠷᠡᠭᠡ ᠶᠢ ᠭᠠᠷ | ᠤᠷᠠᠨ ᠮᠤᠳᠤᠴᠢᠨ ᠢ ᠵᠠᠯᠠᠵᠤ᠂ ᠶᠠᠩᠵᠤ ᠪᠦᠷᠢ ᠶᠢᠨ ᠦᠡᠭᠭᠡ ᠪᠤᠳᠤᠭ ᠲᠠᠢ ᠵᠢᠷᠤᠭ ᠵᠢᠷᠤᠭᠤᠯᠵᠤ᠂ ᠭᠤᠸ᠎ᠠ | ᠰᠠᠶᠢᠬᠠᠨ ᠢ ᠡᠷᠬᠢᠮᠯᠡᠳᠡᠭ᠃ | ᠮᠤᠩᠭᠤᠯ ᠭᠡᠷ ᠤᠨ ᠵᠡᠭᠦᠨ ᠲᠠᠯ᠎ᠠ ᠪᠠᠷ ᠦᠢᠯᠨ ᠤᠲᠠᠰᠤᠨ ᠤ ᠠᠪᠳᠠᠷ᠎ᠠ᠂ ᠵᠠᠰᠠᠯ ᠴᠢᠮᠡᠭᠯᠡᠯ ᠤᠨ ᠬᠡᠷᠡᠭᠰᠡᠯ ᠢ | ᠲᠠᠯᠪᠢᠵᠤ᠂ ᠵᠡᠭᠦᠨ ᠡᠮᠦᠨ᠎ᠡ ᠲᠠᠯ᠎ᠠ ᠳᠤ ᠤᠷᠲᠤᠯᠵᠢᠨ ᠰᠢᠭ ᠬᠤᠷᠭᠤ ᠲᠠᠯᠪᠢᠨ᠎ᠠ᠃ ᠡᠨ᠋ᠨ ᠬᠤᠷᠭᠤ ᠨᠢ ᠶᠡᠷᠦ ᠳᠡᠭᠡᠨ | ᠬᠤᠶᠠᠷ ᠨᠡᠭᠡᠭᠡᠯᠭᠡ᠂ ᠡᠰᠡᠭᠦᠯ᠎ᠡ ᠭᠤᠷᠪᠠᠨ ᠬᠦᠶᠦᠭᠡ ᠨᠡᠭᠡᠭᠡᠯᠭᠡ ᠲᠠᠢ ᠪᠦᠭᠡᠳ ᠳᠤᠲᠤᠷ᠎ᠠ ᠨᠢ ᠬᠡᠳᠦᠨ ᠳᠡᠭᠲᠡᠷ | ᠳᠠᠰᠤᠯᠪᠤᠷᠢ ᠲᠠᠢ ᠵᠤᠬᠢᠶᠠᠵᠤ᠂ ᠠᠶᠠᠭ᠎ᠠ ᠱᠠᠵᠠᠩ᠂ ᠴᠠᠭᠠᠨ ᠢᠳᠡᠭᠡᠨ᠂ ᠬᠠᠭᠤᠷᠤᠭᠰᠠᠨ ᠠᠮᠤ᠂ ᠲᠤᠭᠤᠭ᠎ᠠ | ᠰᠢᠨᠠᠭ᠎ᠠ ᠶᠢ ᠳᠠᠰ ᠳᠠᠷᠠᠭ᠎ᠠ ᠲᠠᠢ ᠲᠠᠯᠪᠢᠵᠤ᠂ ᠬᠠᠨ᠎ᠠ ᠳᠤ ᠦᠷᠦᠮ᠎ᠡ ᠶᠢᠨ ᠤᠭᠤᠲᠠ᠂ ᠬᠤᠷᠤᠳ ᠤᠨ ᠳᠠᠷᠤᠭᠤᠷ᠂ | ᠰᠢᠨᠠᠭ᠎ᠠ ᠵᠡᠷᠭᠡ ᠶᠢ ᠡᠯᠭᠦᠳᠡᠭ᠃ | ᠤᠳᠤ ᠮᠤᠩᠭᠤᠯ ᠭᠡᠷ ᠪᠠᠷᠤᠭ ᠬᠠᠷᠠᠭᠳᠠᠬᠤ ᠪᠠᠨ ᠪᠤᠯᠢᠵᠤ᠂ ᠨᠠᠶᠢᠷ ᠨᠠᠭᠠᠳᠤᠮ ᠬᠢᠬᠦ ᠳᠤ ᠵᠠᠰᠠᠯ ᠰᠤᠨᠢᠷᠬᠠᠯ ᠤᠨ | ᠡᠳ᠋ᠯᠡᠯ ᠢᠶᠠᠷ ᠪᠤᠰᠬᠠᠬᠤ ᠪᠤᠯᠪᠠ᠃ | ᠰᠢᠨ᠎ᠡ ᠭᠡᠷ ᠮᠢᠯᠢᠶᠠᠬᠤ ᠢᠷᠦᠭᠡᠯ | ᠤᠸ᠋ᠮ ᠰᠠᠶᠢᠨ ᠠᠮᠤᠭᠤᠯᠠᠩ ᠪᠤᠯᠲᠤᠭᠠᠢ | ᠡᠩᠭᠡ ᠰᠠᠶᠢᠬᠠᠨ ᠵᠢᠷᠭᠠᠯᠠᠩ ᠢᠪᠡᠭᠡᠲᠤᠭᠡᠢ | ᠬᠠᠷᠭᠠᠨᠠᠳᠦ ᠶᠢᠨ ᠲᠠᠯ᠎ᠠ ᠶᠢᠨ ᠡᠬᠢᠨ ᠳᠤ | ᠬᠠᠨᠭ᠍ᠭᠠᠢ ᠨᠤᠲᠤᠭ ᠤᠨ ᠨᠦᠮᠦᠷᠢ ᠳᠤ | ᠣᠤ ᠮᠦᠷᠡᠨ ᠤ ᠲᠠᠨᠵᠢᠨ ᠳᠤ | ᠤᠭᠰᠠᠭ᠎ᠠ ᠮᠤᠩᠭᠤᠯ ᠤᠨ ᠨᠤᠲᠤᠭ ᠲᠤ | ᠲᠠᠨᠡᠨ ᠴᠠᠭᠠᠨ ᠭᠡᠷ ᠢᠶᠠᠨ ᠪᠠᠷᠢᠵᠤ | ᠲᠠᠪᠤᠨ ᠬᠤᠰᠢᠭᠤ ᠮᠠᠯ ᠢᠶᠠᠨ ᠦᠰᠭᠡᠵᠦ | ᠲᠦᠭᠡᠮᠡᠯ ᠰᠠᠶᠢᠬᠠᠨ ᠪᠦᠷᠢᠳᠦᠭᠰᠡᠨ | ᠦᠯᠵᠡᠶᠢᠲᠤ ᠡᠳᠦᠷ ᠤᠨ ᠢᠪᠡᠭᠡᠯᠳᠦ ᠴᠠᠭ ᠲᠤ | ᠠᠶᠢᠯ ᠰᠠᠭᠠᠬᠠᠯᠲᠠ ᠪᠠᠨ ᠵᠠᠯᠠᠵᠤ | ᠠᠬ᠎ᠠ ᠳᠡᠭᠦᠦ ᠰᠠᠳᠤᠨ ᠢᠶᠠᠨ ᠤᠷᠢᠵᠤ | ᠪᠠᠲᠤ ᠴᠠᠭᠠᠨ ᠭᠡᠷ ᠲᠡᠭᠡᠨ ᠨᠡᠭᠦᠵᠦ | ᠪᠠᠳᠠᠷᠠᠨ ᠰᠠᠭᠤᠬᠤ ᠶᠢᠨ ᠲᠤᠯᠠᠲᠠ | ᠠᠶᠢᠷᠠᠭ ᠳᠠᠷᠠᠭ ᠴᠠᠭᠠᠨ ᠢᠳᠡᠭᠡᠨ ᠢᠶᠠᠨ | ᠠᠯᠲᠠᠨ ᠳᠠᠪᠠᠭ ᠲᠠᠭᠠᠨ ᠦᠷᠦᠵᠤ | ᠢᠰᠡᠭᠡᠢ ᠴᠠᠭᠠᠨ ᠦᠷᠦᠭᠡ ᠶᠢᠨ ᠴᠢᠨᠢ | ᠠᠰᠢᠲᠠ ᠶᠢᠨ ᠪᠤᠶᠠᠨ ᠢ ᠢᠷᠦᠭᠡᠮᠦ︕ | ᠵᠨ︕ | ᠰᠡᠴᠡᠨ ᠮᠡᠷᠭᠡᠳ ᠡᠭᠦᠰᠭᠡᠵᠤ | ᠰᠠᠮᠪᠠᠭᠠᠲᠤ ᠳᠠᠷᠬᠠᠨ ᠴᠤᠭᠴᠠᠯᠠᠵᠤ | ᠤᠭᠰᠠᠭᠠᠲᠤ ᠮᠤᠩᠭᠤᠯ ᠡᠭᠦᠳᠴᠤ | ᠤᠷᠠᠨ ᠳᠠᠷᠬᠠᠨ ᠪᠤᠰᠬᠠᠭᠰᠠᠨ | ᠡᠯᠡᠭᠳᠡᠰᠢ ᠦᠭᠡᠢ ᠪᠦᠬᠡ | ᠡᠪᠳᠡᠷᠡᠰᠢ ᠦᠭᠡᠢ ᠪᠠᠲᠤ | ᠡᠷᠳᠡᠨᠢ ᠴᠢᠨᠳᠠᠭᠠᠨ ᠦᠡᠭᠭᠡᠲᠤ | ᠡᠨ᠋ᠨ ᠭᠡᠷ ᠪᠤᠯᠪᠠᠰᠦ | ᠲᠠᠯ᠎ᠠ ᠶᠢᠨ ᠳᠤᠮᠳᠠ ᠪᠠᠷᠢᠬᠤᠯᠠ | ᠲᠠᠩᠰᠤᠭ ᠪᠠᠶᠠᠨ ᠤ ᠬᠤᠷᠤᠢ ᠲᠠᠢ | ᠳᠠᠨᠵᠢᠲᠤ ᠲᠤᠬᠤᠢ ᠳᠡᠭᠡᠷ᠎ᠡ ᠪᠠᠷᠢᠬᠤᠯᠠ | ᠳᠡᠭᠵᠢᠷᠡᠨ ᠮᠠᠨᠳᠤᠬᠤ ᠶᠢᠨ ᠲᠠᠯᠠᠯᠭ᠎ᠠ ᠲᠠᠢ᠃ | ᠵᠨ︕ | ᠬᠢᠨᠭ᠍ᠭᠠᠨ ᠤ ᠮᠤᠳᠤ ᠶᠢ ᠬᠠᠷᠤᠭᠤᠯᠳᠠᠵᠤ | ᠬᠠᠰᠢᠷ ᠤᠷᠠᠴᠤᠳ ᠤᠷᠠᠯᠠᠭᠰᠠᠨ | ᠬᠤᠰᠤ ᠮᠤᠳᠤ ᠴᠠᠪᠴᠢᠵᠤ | ᠬᠤᠷᠤᠭᠤ ᠳᠠᠭ᠎ᠠ ᠶᠢ ᠨᠢ ᠦᠷᠦᠮᠳᠡᠭᠰᠡᠨ | ᠠᠯᠲᠠᠨ ᠬᠤᠯᠤ ᠶᠢᠨ ᠭᠤᠤᠯ ᠲᠠᠢ | ᠠᠮᠢᠳᠤ ᠡᠷᠳᠡᠨᠢ ᠶᠢᠨ ᠰᠡᠶᠢᠯᠪᠦᠷᠢ ᠲᠠᠢ | ᠽᠠᠨᠳᠠᠨ ᠮᠤᠳᠤᠨ ᠴᠠᠭᠠᠷᠢᠭ ᠲᠠᠢ | ᠴᠢᠨᠳᠠᠮᠤᠨᠢ ᠡᠷᠳᠡᠨᠢ ᠶᠢᠨ ᠰᠢᠨᠵᠢ ᠲᠠᠢ | ᠪᠠᠳᠮ᠎ᠠ ᠯᠢᠡᠭᠡᠨᠸᠠ ᠶᠢᠨ ᠬᠡᠯᠪᠡᠷᠢ ᠲᠠᠢ | ᠪᠠᠳᠮᠠᠷᠠᠭ ᠡᠷᠳᠡᠨᠢᠲᠤ ᠲᠤᠭᠤᠨᠤ ᠶᠢ ᠴᠢᠨᠢ | ᠠᠷᠢᠭᠤᠨ ᠴᠠᠭᠠᠨ ᠢᠳᠡᠭᠡᠨ ᠢᠶᠠᠷ | ᠠᠩᠬ᠎ᠠ ᠲᠡᠷᠢᠭᠦᠨ ᠳᠤᠨᠢ ᠮᠢᠯᠢᠶᠠᠶ᠎ᠠ︕ | ᠴᠢᠨᠳᠠᠭᠠᠨ ᠴᠠᠭᠠᠨ ᠳᠡᠯ ᠬᠢᠯᠭᠠᠰᠤ ᠶᠢ | ᠴᠢᠩᠭᠠᠯᠠᠵᠤ ᠡᠷᠴᠢᠯᠡᠨ ᠳᠡᠮᠤᠭᠰᠠᠨ | ᠴᠠᠭᠠᠨ ᠪᠤᠶᠠᠨ ᠬᠤᠷᠢᠶᠠᠭᠴᠢ | ᠴᠢᠭᠳᠠᠭ᠎ᠠ ᠶᠢ ᠨᠢ ᠮᠢᠯᠢᠶᠠᠶ᠎ᠠ︕ | ᠳᠦᠷᠪᠡᠨ ᠵᠢᠰᠦᠮ ᠤᠨ ᠤᠭᠤᠰᠤᠷ ᠲᠠᠢ | ᠳᠦᠷᠪᠡᠯᠵᠢᠨ ᠴᠠᠭᠠᠨ ᠤᠡᠭᠭᠠᠰᠤ ᠪᠠᠷ ᠬᠢᠭᠰᠡᠨ | ᠦᠯᠵᠡᠢ ᠵᠠᠩᠭ᠎ᠠ ᠶᠢᠨ ᠴᠢᠮᠡᠭᠯᠠᠯ ᠲᠠᠢ | ᠡᠷᠦᠬᠡ ᠶᠢ ᠴᠢᠨᠢ ᠮᠢᠯᠢᠶᠠᠶ᠎ᠠ︕ | ᠰᠤᠭᠳᠠ ᠤᠷᠭᠤᠭᠰᠠᠨ ᠤᠳᠠ ᠪᠠᠷ | ᠰᠤᠩᠭᠤᠵᠤ ᠤᠷᠠᠯᠠᠵᠤ ᠬᠢᠭᠰᠡᠨ | ᠦᠯᠵᠡᠢ ᠬᠤᠳᠤᠭ ᠤᠷᠤᠰᠢᠭᠰᠠᠨ | ᠤᠨᠢ ᠶᠢ ᠴᠢᠨᠢ ᠮᠢᠯᠢᠶᠠᠶ᠎ᠠ︕ | ᠬᠠᠨ ᠠᠭᠤᠯᠨ ᠶᠢᠨ ᠪᠤᠷᠭᠠᠰᠤ ᠶᠢ | ᠬᠠᠷᠤᠭᠤᠯᠲᠠᠨ ᠵᠦᠰᠦᠵᠤ ᠮᠠᠳᠠᠭᠠᠳ | ᠬᠠᠪᠲᠠᠭᠠᠢ ᠶᠢᠨ ᠵᠤ ᠰᠢᠷᠢ ᠪᠠᠷ | ᠬᠠᠳᠠᠭᠠᠷᠢ ᠪᠤᠯᠤᠨ ᠲᠤᠠᠠᠳᠠᠭᠠᠵᠤ | ᠦᠳᠡᠭᠡᠷᠢ ᠪᠤᠯᠭᠠᠨ ᠬᠡᠯᠬᠢᠭᠰᠡᠨ | ᠬᠠᠨ᠎ᠠ ᠶᠢ ᠴᠢᠨᠢ ᠮᠢᠯᠢᠶᠠᠶ᠎ᠠ︕ | ᠬᠠᠶᠢᠯᠠᠰᠤᠨ ᠮᠤᠳᠤᠨ ᠬᠠᠳᠠᠪᠴᠢ ᠲᠠᠢ | ᠬᠠᠷ᠎ᠠ ᠽᠠᠨᠳᠠᠨ ᠡᠭᠦᠳᠡ ᠲᠠᠢ | ᠠᠭᠠᠷᠤ ᠽᠠᠨᠳᠠᠨ ᠪᠤᠱᠤᠭ᠎ᠠ ᠲᠠᠢ | ᠡᠭᠦᠳᠡ ᠬᠠᠭᠠᠯᠭ᠎ᠠ ᠶᠢ ᠴᠢᠨᠢ ᠮᠢᠯᠢᠶᠠᠶ᠎ᠠ︕ | ᠦᠭᠡᠳᠡᠩ ᠲᠤᠷᠭ᠎ᠠ ᠪᠠᠷ ᠬᠦᠪᠡᠭᠡᠯᠡᠭᠰᠡᠨ | ᠦᠡᠭᠭᠡᠲᠤ ᠲᠤᠷᠭ᠎ᠠ ᠪᠠᠷ ᠦᠶᠡᠯᠵᠡᠭᠦᠯᠦᠭᠰᠡᠨ | ᠨᠠᠢᠮᠠᠨ ᠯᠠᠪᠠᠷᠢ ᠬᠡᠯᠪᠡᠷᠢ ᠲᠠᠢ | ᠪᠦᠷᠢᠶᠡᠰᠦ ᠶᠢ ᠴᠢᠨᠢ ᠮᠢᠯᠢᠶᠠᠶ᠎ᠠ︕ | ᠡᠭᠦᠷᠢᠳᠡ ᠪᠤᠶᠠᠨ ᠬᠡᠰᠢᠭ ᠲᠡᠯᠭᠡᠷᠡᠵᠦ | ᠡᠩᠭᠡ ᠵᠢᠷᠭᠠᠯ ᠮᠦᠡᠭᠭᠡ ᠤᠷᠤᠰᠢᠳᠤᠭᠠᠢ | ᠦᠷ᠎ᠡ ᠬᠤᠶᠢᠴᠢᠰ ᠴᠢᠨᠢ ᠬᠡᠶᠢᠮᠤᠷᠢ ᠮᠠᠨᠳᠤᠵᠤ | ᠦᠨᠳᠦᠰᠦ ᠤᠭᠰᠠᠭ᠎ᠠ ᠴᠢᠨᠢ ᠬᠢᠯᠠᠯᠵᠠᠲᠤᠭᠠᠢ︕ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ᠄ ᠡ᠊ · ᠰᠠᠷᠠᠭᠤᠯ | | |