ᠦᠭᠡᠷ ᠲᠡᠷᠭᠡ
ᠨᠡᠶᠢᠲᠡᠯᠡᠭᠰᠡᠨ ᠴᠠᠭ᠄
2015/11/20
     ︽ᠬᠠᠰᠠᠭ ᠲᠡᠷᠭᠡ ᠶᠢ ᠮᠠᠨ ᠤ ᠠᠳᠡᠬᠢ ᠶᠢᠨ ᠬᠢᠨ ᠦᠬᠡᠷ ᠲᠡᠷᠭᠡ︾ ᠭᠡᠳᠡᠭ᠂ ᠦᠬᠡᠷ ᠲᠡᠷᠭᠡ ᠪᠠᠷ ᠠᠶᠠᠨ ᠳᠤ ᠶᠠᠪᠤᠬᠤ᠂ ᠤᠲᠤᠷ ᠵᠤᠰᠠᠭᠠᠯ ᠢᠶᠠᠷ ᠨᠡᠭᠦᠭᠦ ᠳᠤ ᠴᠢᠬᠤᠯᠨ ᠳᠡᠭᠡᠭᠡᠪᠦᠷᠢ ᠶᠢᠨ ᠬᠡᠷᠡᠭᠴᠡᠭᠡ ᠲᠠᠢ᠃ ᠤᠷᠲᠤ ᠬᠤᠭᠤᠴᠠᠭᠠᠨ ᠤ ᠲᠡᠦᠬᠡᠨ ᠶᠠᠪᠤᠴᠠ ᠳᠤ ᠦᠬᠡᠷ ᠲᠡᠷᠭᠡ ᠨᠢ ᠬᠦᠮᠦᠰ ᠤᠨ ᠠᠵᠢᠯ ᠠᠮᠢᠳᠤᠷᠠᠯ ᠳᠤ ᠠᠤᠭ᠎ᠠ ᠶᠡᠭᠡ ᠠᠴᠢ ᠲᠤᠰᠠ ᠪᠠᠨ ᠦᠵᠡᠭᠦᠯᠵᠤ᠂ ᠠᠶᠢᠯ ᠡᠷᠦᠬᠡ ᠪᠦᠬᠦᠨ ᠤ ᠡᠷᠭᠡᠪᠡᠰᠢ ᠪᠡᠯᠡᠳᠬᠡᠬᠦ ᠪᠠᠭᠠᠵᠢ ᠬᠡᠷᠡᠭᠰᠡᠯ ᠪᠤᠯᠤᠭᠰᠠᠭᠠᠷ ᠢᠷᠡᠵᠡᠢ᠃  ᠲᠦᠷᠦᠭᠦᠦ ᠵᠠᠭᠤᠨ ᠤ ᠳᠠᠯᠠᠭᠠᠳ ᠤᠨ ᠠᠴᠠ ᠦᠬᠡᠷ ᠲᠡᠷᠭᠡ ᠬᠡᠷᠡᠭᠯᠡᠵᠤ᠂ ᠨᠠᠶᠠᠭᠠᠳ ᠤᠨ ᠠᠴᠠ ᠲᠷᠠᠺᠲ᠋ᠤᠷ ᠢᠶᠠᠷ ᠠᠵᠢᠯ ᠦᠢᠯᠡᠳᠪᠦᠷᠢᠯᠡᠯ ᠳᠤ ᠶᠠᠪᠤᠵᠤ᠂  ᠶᠡᠷᠡᠭᠡᠳ ᠤᠨ ᠠᠴᠠ ᠰᠡᠭᠦᠯᠡᠷ ᠭᠤᠷᠪᠠᠨ ᠬᠦᠷᠳᠤᠳᠤ ᠲᠡᠷᠡᠺᠲ᠋ᠤᠷ ᠨᠡᠶᠢᠳᠡᠮ ᠳᠡᠯᠭᠡᠷᠡᠭᠡᠳ ᠦᠬᠡᠷ ᠲᠡᠷᠭᠡ ᠮᠦᠽᠸᠢ ᠳᠤ ᠤᠷᠤᠵᠤ᠂ ᠬᠡᠦᠬᠡᠳ ᠰᠢᠦᠬᠠᠳ ᠮᠡᠳᠡᠬᠦ ᠪᠠᠨ ᠪᠤᠯᠢᠪᠠ᠃      ᠦᠬᠡᠷ ᠲᠡᠷᠭᠡ ᠨᠢ ᠠᠷᠠᠯ᠂ ᠬᠦᠷᠳᠤ᠂ ᠡᠮᠡᠭᠡᠯ ᠵᠡᠷᠭᠡ ᠭᠤᠷᠪᠠᠨ ᠬᠡᠰᠡᠭ ᠢᠶᠠᠷ ᠪᠦᠷᠢᠯᠳᠦᠨ᠎ᠡ᠂ ᠠᠷᠠᠯ ᠨᠢ ᠠᠷᠠᠯ ᠤᠨ ᠮᠤᠳᠤ᠂ ᠢᠯᠠᠦ᠂ ᠳ᠋ᠠᠮ ᠶᠠᠰᠢᠩ ᠪᠠ ᠭᠤᠲᠤᠢ᠂ ᠠᠳᠠᠷ᠂ ᠡᠮᠡᠭᠡᠯ᠂ ᠪᠤᠭᠤᠯᠠᠭ᠎ᠠ᠂ ᠪᠤᠷᠭᠤᠯᠵᠢ᠂ ᠡᠷᠡᠬᠡᠢ ᠴᠦ᠋᠂ ᠵᠦᠯᠭᠡ᠂  ᠪᠤᠷᠭᠤᠯᠵᠢ ᠶᠢᠨ ᠬᠤᠯᠪᠤᠭᠠᠰᠤ᠂ ᠡᠮᠡᠭᠡᠯ ᠵᠡᠷᠭᠡ ᠪᠠᠷ ᠪᠦᠲᠦᠳᠡᠭ᠂ ᠬᠦᠷᠲᠤ ᠨᠢ ᠵᠦᠪ ᠲᠠᠢ᠂ ᠪᠤᠷᠤᠭᠤ ᠲᠠᠢ ᠬᠤᠶᠠᠷ ᠬᠦᠷᠲᠤ  ᠂ ᠮᠦᠬᠡᠷ᠂ ᠭᠡᠭᠡᠰᠦ᠂ ᠪᠤᠯᠤ᠂ ᠴᠤᠩ᠂ ᠲᠡᠩᠭᠡᠯᠢᠭ᠂ ᠵᠢᠶᠠᠨ᠂ ᠲᠡᠩᠭᠡᠯᠢᠭ ᠤᠨ ᠦᠵᠦᠭᠦᠷ᠂ ᠴᠢᠬᠢ ᠵᠡᠷᠭᠡ ᠪᠠᠷ ᠪᠦᠲᠦᠳᠡᠭ᠃      ᠦᠬᠡᠷ ᠲᠡᠷᠭᠡ ᠬᠢᠬᠦ ᠳᠤ ᠪᠤᠲᠠᠲᠠᠢ ᠬᠡᠷᠡᠭᠰᠡᠬᠦ ᠮᠡᠲ᠋ᠧᠷᠢᠶᠠᠯ ᠭᠡᠪᠡᠯ᠄ 2 ᠪᠤᠯᠤ᠂ 1.2 ᠲᠤᠬᠤᠢ ᠤᠷᠲᠤ᠂ 8 ᠢᠮᠠᠬᠤ ᠶᠢᠨ ᠳ᠋ᠢᠶᠠᠮᠧᠲᠷ ᠲᠠᠢ᠃ 4 ᠴᠤᠩ᠂ 36 ᠭᠡᠭᠡᠰᠦ᠂ 1.6 ᠲᠤᠬᠤᠢ ᠤᠷᠲᠤ᠂ ᠬᠠᠶᠢᠯᠠᠰᠤ᠂ ᠴᠠᠶᠢᠷ᠂ ᠴᠠᠷᠠᠰᠤ ᠵᠡᠷᠭᠡ ᠶᠢ ᠬᠡᠷᠡᠭᠯᠡᠨ᠎ᠡ᠃ 12 ᠮᠦᠬᠡᠷ᠂ 1.5 ᠲᠤᠬᠤᠢ ᠤᠷᠲᠤ᠂ ᠬᠤᠰᠤ᠂ ᠴᠠᠶᠢᠷ᠂ ᠬᠠᠲᠠᠭᠤ ᠴᠠᠭᠠᠨ ᠮᠤᠳᠤ ᠶᠢ ᠭᠡᠷᠡᠭᠯᠡᠨ᠎ᠡ᠃ 1 ᠲᠡᠩᠭᠡᠯᠢᠭ  5 ᠲᠤᠬᠤᠢ ᠤᠷᠲᠤ᠂ 3 ᠢᠮᠠᠬᠤ ᠤᠷᠴᠢᠮ ᠤᠨ ᠳ᠋ᠢᠶᠠᠮᠧᠲᠷ ᠲᠠᠢ᠂ ᠴᠠᠶᠢᠷ ᠂ ᠬᠤᠰᠤ᠂ ᠬᠠᠶᠢᠯᠠᠰᠤ ᠪᠦᠷ ᠪᠤᠯᠤᠨ᠎ᠠ᠃ 16 ᠵᠢᠶᠠᠨ᠂ 2 ᠲᠡᠩᠭᠡᠯᠢᠭ ᠤᠨ ᠦᠵᠦᠭᠦᠷ ᠤᠨ ᠴᠦ᠋ ᠪᠡᠯᠡᠳᠬᠡᠨ᠎ᠡ᠃ ᠠᠷᠠᠯ 2᠂ ᠬᠤᠤᠰ ᠠᠯᠳᠠ ᠰᠢᠬᠠᠮ ᠤᠷᠳᠦ᠂ ᠬᠠᠶᠢᠯᠠᠰᠦ᠂ ᠴᠠᠶᠢᠷ᠂ ᠬᠤᠰᠤᠨ ᠮᠤᠳᠦ ᠪᠠᠷ ᠬᠢᠨ᠎ᠡ᠃ 8 ᠢᠯᠡᠤ᠂ 2 ᠲᠤᠬᠤᠢ 6 ᠢᠮᠠᠬᠤ ᠤᠷᠳᠦ᠂ ᠬᠤᠰᠦ᠂ ᠴᠠᠷᠠᠰᠦ᠂ ᠬᠠᠶᠢᠯᠠᠰᠤ ᠶᠢ ᠬᠡᠷᠡᠭᠯᠡᠨ᠎ᠡ᠃ 8 ᠭᠤᠳᠤᠢ᠂ ᠲᠤᠬᠤᠢ 5 ᠢᠮᠠᠬᠤ ᠤᠷᠳᠦ᠂ 2 ᠲᠡᠮ ᠶᠠᠰᠢᠩ᠂ 4 ᠲᠤᠬᠤᠢ ᠤᠷᠳᠦ᠂ 1 ᠠᠳᠠᠷ᠂ ᠳᠡᠯᠳᠦ᠂ ᠴᠠᠷᠠᠰᠦ᠂ ᠪᠤᠷᠭᠠᠰᠦ ᠪᠠᠷ ᠭᠦᠷᠦᠨ᠎ᠡ᠃ 2 ᠡᠮᠡᠭᠡᠯ ᠤᠨ ᠮᠤᠳᠦ᠂ ᠡᠮᠡᠭᠡᠯ  ᠤᠨ ᠴᠦ᠋ 2 ᠢ ᠬᠡᠷᠡᠭᠯᠡᠨ᠎ᠡ᠃ ᠪᠤᠭᠤᠯᠠᠭ᠎ᠠ ᠪᠤᠷᠭᠤᠯᠵᠢ ᠲᠤᠰᠪᠦᠷᠢ ᠨᠢᠭᠡ᠂ ᠬᠤᠰᠤ᠂ ᠤᠳᠠ ᠪᠠᠷ ᠬᠢᠵᠤ  ᠂ 1.6 ᠲᠤᠬᠤᠢ ᠤᠷᠴᠢᠮ ᠤᠷᠳᠦ᠂ 2 ᠡᠷᠡᠬᠡᠢ ᠴᠦ᠋᠂ 2 ᠵᠦᠯᠭᠡ᠂  ᠴᠢᠬᠢ ᠮᠤᠳᠤ  4  ᠪᠤᠢ᠃      ᠦᠬᠡᠷ ᠲᠡᠷᠭᠡ ᠰᠢᠭᠠᠬᠤ ᠳᠡᠰ ᠳᠠᠷᠠᠭ᠎ᠠ᠄ ᠠᠷᠠᠯ  ᠤᠨ ᠬᠤᠶᠠᠷ ᠮᠤᠳᠤ  ᠶᠢᠨ ᠪᠦᠳᠦᠭᠦᠨ ᠦᠵᠦᠭᠦᠷ ᠲᠤᠨᠢ ᠲᠤᠰᠪᠦᠷᠢ ᠨᠠᠢᠮᠠᠨ ᠬᠦᠨᠳᠡᠯᠡᠨ ᠨᠦᠬᠡ᠂ ᠳᠦᠷᠪᠡᠨ ᠠᠰ ᠨᠦᠬᠡ ᠴᠤᠭᠤᠯᠵᠤ᠂ ᠨᠠᠷᠢᠨ ᠦᠵᠦᠭᠦᠷ ᠲᠤᠨᠢ ᠨᠢᠭᠡ ᠠᠰ ᠨᠦᠬᠡ ᠴᠤᠭᠤᠯᠵᠤ᠂ ᠬᠤᠶᠠᠷ ᠳ᠋ᠠᠮ ᠶᠠᠰᠢᠩ  ᠤᠨ ᠮᠤᠳᠤᠨ  ᠳᠤ ᠠᠷᠠᠯ  ᠤᠨ ᠳᠦᠷᠪᠡᠨ ᠠᠰ ᠨᠦᠬᠡ ᠲᠠᠢ ᠠᠰᠯᠠᠭᠠᠨ ᠲᠤᠰᠪᠦᠷᠢ ᠳᠦᠷᠪᠡᠨ ᠨᠦᠬᠡ ᠴᠤᠭᠤᠯᠤᠨ᠎ᠠ᠃ ᠨᠠᠢᠮᠠᠨ ᠢᠯᠠᠦ᠂ ᠨᠠᠢᠮᠠᠨ ᠭᠤᠳᠤᠢ ᠮᠤᠳᠤ ᠶᠢ ᠠᠷᠠᠯ ᠤᠨ ᠮᠤᠳᠤ ᠪᠠ ᠳ᠋ᠠᠮ ᠶᠠᠰᠢᠩ  ᠤᠨ ᠨᠦᠬᠡ ᠲᠠᠢ ᠠᠰᠯᠠᠭᠤᠯᠤᠨ ᠰᠡᠭᠡᠷ ᠭᠠᠷᠭᠠᠨ᠎ᠠ᠃ ᠳᠦᠷᠪᠡᠨ ᠢᠯᠠᠦ ᠶᠢ ᠨᠢ ᠤᠷᠲᠤ ᠰᠡᠭᠡᠷ ᠲᠠᠢ᠂ ᠳᠦᠷᠪᠡᠨ ᠭᠤᠳᠤᠢ ᠶᠢᠨ ᠨᠢᠭᠡ ᠦᠵᠦᠭᠦᠷ ᠨᠢ ᠤᠷᠲᠤ ᠰᠡᠭᠡᠷ ᠲᠠᠢ᠂ ᠨᠠᠢᠮᠠᠨ ᠢᠯᠠᠦ ᠪᠠᠷ ᠬᠤᠶᠠᠷ ᠠᠷᠠᠯ ᠢ ᠬᠤᠯᠪᠤᠬᠤ ᠶᠢ ᠠᠷᠠᠯ ᠢᠯᠡᠦᠯᠡᠨ᠎ᠡ ᠭᠡᠳᠡᠭ᠃ ᠡᠭᠦᠨ ᠳᠤ ᠤᠷᠲᠤ ᠰᠡᠭᠡᠷ ᠲᠠᠢ ᠳᠦᠷᠪᠡᠨ ᠢᠯᠡᠦ  ᠶᠢ ᠡᠮᠦᠨ᠎ᠡ ᠬᠤᠶᠢᠨ᠎ᠠ ᠵᠠᠬ᠎ᠠ ᠳᠤᠨᠢ ᠲᠤᠰᠪᠦᠷᠢ ᠬᠤᠶᠠᠷ ᠢ ᠳᠠᠭᠠᠷᠠᠭᠤᠯᠵᠤ᠂ ᠠᠷᠠᠯ ᠠᠴᠠ ᠭᠠᠳᠠᠭᠰᠢ ᠢᠯᠡᠭᠦᠦ ᠭᠠᠷᠤᠭᠰᠠᠨ ᠦᠵᠦᠭᠦᠷ ᠲᠤᠨᠢ ᠳᠦᠷᠪᠡᠨ ᠴᠢᠬᠢ ᠮᠤᠳᠤ ᠪᠠᠨ ᠬᠤᠪᠬᠢ ᠭᠠᠷᠭᠠᠨ ᠠᠷᠠᠯ ᠲᠠᠢ ᠳᠡᠭᠰᠢᠬᠡᠨ ᠲᠤᠬᠢᠶᠠᠵᠤ ᠨᠠᠷᠢᠨ ᠨᠦᠬᠡ ᠴᠤᠭᠤᠯᠵᠤ ᠵᠤᠷᠭᠤᠭᠰᠠᠨ ᠮᠤᠳᠤ ᠪᠠᠨ ᠴᠠᠪᠠᠦ  ᠳᠤ ᠳᠦᠷᠢᠵᠤ ᠰᠢᠭᠠᠵᠤ ᠤᠷᠤᠭᠤᠯᠤᠨ᠎ᠠ᠃ ᠭᠤᠳᠤᠢ ᠪᠠᠨ ᠠᠷᠠᠯ  ᠳᠤ ᠰᠢᠭᠠᠬᠤ ᠳᠠᠭᠠᠨ ᠤᠷᠲᠤ ᠰᠡᠭᠡᠷ ᠲᠠᠢ ᠳᠦᠷᠪᠡ ᠶᠢ ᠨᠢ ᠳᠤᠮᠳᠠ ᠨᠦᠬᠡᠨ ᠳᠤᠨᠢ ᠰᠢᠭᠠᠵᠤ᠂ ᠳᠡᠭᠡᠷ᠎ᠡ ᠨᠢ ᠳᠠᠮ ᠶᠠᠰᠢᠩ ᠢᠶᠠᠨ ᠬᠦᠮᠦᠷᠢᠵᠤ ᠰᠢᠭᠠᠨ᠎ᠠ᠃ ᠠᠷᠠᠯ ᠠᠴᠠ ᠨᠡᠪᠳᠡᠯᠵᠤ ᠭᠠᠷᠤᠭᠰᠠᠨ ᠭᠤᠳᠤᠢ ᠶᠢᠨ ᠳᠦᠷᠪᠡᠨ ᠰᠡᠭᠡᠷ ᠲᠤ ᠡᠮᠡᠭᠡᠯ ᠳᠠᠭᠠᠷᠠᠭᠤᠯᠤᠨ᠎ᠠ᠃      ᠦᠬᠡᠷ ᠲᠡᠷᠭᠡᠨ  ᠤ ᠲᠡᠩᠭᠡᠯᠢᠭ ᠢ ᠬᠤᠰᠤ᠂ ᠬᠠᠶᠢᠯᠠᠰᠤ᠂ ᠴᠠᠶᠢᠷ ᠵᠡᠷᠭᠡ ᠠᠰᠬᠠᠨ ᠮᠦᠷᠲᠡᠭᠡᠨ ᠲᠡᠭᠰᠢᠬᠡᠨ ᠮᠤᠳᠤ ᠪᠠᠷ ᠬᠢᠳᠡᠭ᠃ ᠬᠤᠶᠠᠷ ᠦᠵᠦᠭᠦᠷ ᠲᠤᠨᠢ ᠬᠡᠷᠴᠢᠯᠡᠭᠡᠰᠦ ᠭᠠᠷᠭᠠᠨ᠂ ᠪᠦᠮᠪᠦᠷᠢᠭᠡᠨ ᠬᠠᠷᠭᠤᠯᠳᠠᠵᠤ ᠪᠤᠯᠤ ᠳᠠᠭᠠᠷᠠᠭᠤᠯᠬᠤ ᠪᠠᠷ ᠪᠡᠯᠡᠳᠬᠡᠨ᠂ ᠦᠵᠦᠭᠦᠷ ᠲᠤᠨᠢ ᠨᠦᠬᠡ ᠴᠤᠭᠤᠯᠤᠨ᠎ᠠ᠃ ᠪᠤᠯᠤ  ᠶᠢᠨ ᠭᠤᠤᠯ ᠳᠤᠨᠢ ᠲᠡᠩᠭᠡᠯᠢᠭ ᠤᠭᠯᠠᠬᠤ ᠨᠦᠬᠡ ᠴᠤᠭᠤᠯᠵᠤ᠂ ᠨᠦᠬᠡᠨ  ᠤ ᠬᠤᠶᠠᠷ ᠠᠮᠠᠰᠠᠷ ᠲᠤᠨᠢ ᠲᠤᠰᠪᠦᠷᠢ ᠳᠠᠭᠠᠷᠠᠭᠤᠯᠤᠨ᠎ᠠ᠃ ᠪᠤᠯᠤ  ᠶᠢᠨ ᠳᠤᠲᠤᠷ᠎ᠠ ᠲᠠᠯ᠎ᠠ  ᠶᠢ ᠪᠠᠭᠯᠠᠭᠤᠷ᠂ ᠭᠠᠳᠠᠷ ᠲᠠᠯ᠎ᠠ ᠶᠢ ᠨᠢ ᠤᠷᠤᠭᠤᠯ ᠭᠡᠳᠡᠭ᠃ ᠪᠠᠭᠯᠠᠭᠤᠷ ᠤᠷᠤᠭᠤᠯ ᠲᠠᠢ ᠵᠤᠬᠢᠴᠠᠭᠤᠯᠤᠨ ᠲᠡᠩᠭᠡᠯᠢᠭ  ᠤᠨ ᠦᠵᠦᠭᠦᠷ ᠲᠤ ᠨᠠᠢᠮᠠᠨ ᠵᠢᠶᠠᠨ ᠳᠠᠭᠠᠷᠠᠭᠤᠯᠤᠨ᠎ᠠ᠃ ᠡᠨ᠋ᠨ ᠨᠢ ᠪᠤᠯᠤ ᠶᠢ ᠪᠠᠬᠢᠯᠢᠭ᠌᠂ ᠡᠷᠬᠢᠬᠦ  ᠳᠤ ᠬᠦᠡᠭᠭᠡᠨ ᠪᠤᠯᠭᠠᠬᠤ ᠦᠢᠯᠡᠳᠦᠯ ᠲᠠᠢ᠃ ᠪᠤᠯᠤ  ᠶᠢᠨ ᠭᠠᠳᠠᠭᠤᠷ ᠠᠷᠪᠠᠨ ᠨᠠᠢᠮᠠᠨ ᠰᠠᠷᠬᠢᠨᠠᠭ ᠨᠦᠬᠡ ᠴᠤᠭᠤᠯᠵᠤ᠂ ᠤᠷᠤᠭᠤᠯ ᠲᠠᠯ᠎ᠠ  ᠶᠢ ᠮᠡᠳᠡᠭᠳᠡᠮ᠎ᠡ ᠢᠯᠡᠭᠦᠦ ᠦᠯᠡᠳᠡᠭᠡᠨ᠎ᠡ᠃ ᠬᠡᠬᠡᠰᠦ ᠶᠢᠨ ᠰᠡᠭᠦᠯ ᠢ ᠳᠡᠭᠰᠢ ᠵᠤᠬᠢᠶᠠᠵᠤ᠂ ᠲᠤᠯᠤᠭᠠᠢ ᠲᠠᠯ᠎ᠠ ᠳᠤᠨᠢ ᠰᠡᠭᠡᠷ ᠭᠠᠷᠭᠠᠨ᠂ ᠳᠤᠲᠤᠷ᠎ᠠ ᠲᠠᠯ᠎ᠠ  ᠶᠢ ᠨᠢ ᠦᠯᠡᠳᠡᠭᠡᠨ᠎ᠡ᠃ ᠦᠬᠡᠷ ᠲᠡᠷᠭᠡᠨ  ᠤ ᠬᠦᠷᠲᠤ ᠪᠦᠷᠢ ᠳᠤ ᠵᠢᠷᠭᠤᠭᠠᠨ ᠮᠦᠭᠡᠷ ᠲᠠᠢ᠂  ᠮᠦᠭᠡᠷ ᠢ ᠳᠦᠭᠦᠷᠢᠭ ᠮᠤᠳᠤ ᠪᠠᠷ ᠬᠢᠵᠤ᠂ ᠭᠡᠭᠡᠰᠦ  ᠶᠢᠨ ᠲᠤᠯᠤᠭᠠᠢ  ᠶᠢᠨ ᠰᠡᠭᠡᠷ ᠲᠠᠢ ᠠᠰᠯᠠᠭᠤᠯᠤᠨ ᠭᠤᠷᠪᠠᠨ ᠨᠦᠬᠡ ᠴᠤᠭᠤᠯᠵᠤ᠂ ᠬᠤᠶᠠᠷ ᠦᠵᠦᠭᠦᠷ ᠲᠤᠨᠢ ᠠᠮᠨ ᠰᠡᠭᠡᠷ ᠭᠠᠷᠭᠠᠨ᠎ᠠ᠃ ᠮᠦᠬᠡᠷ ᠲᠤ ᠠᠮᠨ ᠰᠡᠭᠡᠷ ᠭᠠᠷᠭᠠᠬᠤ ᠨᠢ  ᠬᠦᠷᠳᠤ ᠶᠢ ᠲᠤᠭᠤᠶᠢᠯᠠᠭᠰᠠᠨ ᠴᠤᠭᠴᠠ ᠲᠠᠢ ᠪᠤᠯᠭᠠᠬᠤ  ᠶᠢᠨ ᠲᠦᠯᠦᠭᠡ ᠶᠤᠮ᠃ ᠮᠦᠭᠡᠷ ᠤᠨ ᠠᠮᠨ  ᠶᠢ ᠤᠷᠤᠭᠰᠢ ᠬᠠᠨᠳᠤᠭᠤᠯᠤᠨ ᠭᠡᠭᠡᠰᠦᠨ ᠳᠤ ᠳᠠᠭᠠᠷᠠᠭᠤᠯᠤᠨ᠎ᠠ᠃ ᠬᠤᠶᠠᠷ ᠬᠦᠷᠲᠤ ᠪᠠᠨ ᠲᠡᠩᠭᠡᠯᠢᠭ  ᠲᠤ ᠤᠭᠯᠠᠵᠤ᠂ ᠦᠵᠦᠭᠦᠷ ᠢ ᠨᠢ ᠮᠤᠳᠤᠨ ᠴᠦ᠋ ᠪᠠᠷ ᠴᠦᠳᠡᠪᠡᠯ ᠬᠦᠷᠲᠤ ᠶᠢᠨ ᠬᠡᠰᠡᠭ ᠪᠦᠷᠢᠯᠳᠦᠨ᠎ᠡ᠃ ᠲᠡᠩᠭᠡᠯᠢᠭ  ᠤᠨ ᠠᠷᠠᠯ ᠲᠠᠢ ᠠᠭᠤᠯᠵᠠᠬᠤ ᠭᠠᠵᠠᠷ ᠲᠤ ᠲᠤᠰᠪᠦᠷᠢ ᠬᠤᠶᠠᠷ ᠬᠡᠷᠴᠢᠯᠡᠭᠡᠰᠦ ᠭᠠᠷᠭᠠᠨ ᠡᠮᠡᠭᠡᠯ  ᠢ ᠰᠠᠭᠤᠯᠭᠠᠨ᠎ᠠ᠃ ᠡᠮᠡᠭᠡᠯ  ᠤᠨ ᠦᠷᠭᠡᠨ ᠨᠢ ᠲᠡᠷᠭᠡᠨ ᠠᠷᠠᠯ ᠤᠨ ᠮᠤᠳᠤ ᠲᠠᠢ ᠪᠠᠨ ᠠᠳᠠᠯᠢᠬᠠᠨ᠂ ᠵᠤᠵᠠᠭᠠᠨ ᠨᠢ ᠦᠷᠭᠡᠨ ᠠᠴᠠ ᠪᠠᠨ ᠮᠡᠳᠡᠭᠳᠡᠮ᠎ᠡ ᠬᠤᠶᠠᠷ ᠭᠤᠷᠪᠠᠨ ᠬᠤᠷᠤᠭᠤ ᠢᠯᠡᠭᠦᠦ᠃ ᠠᠷᠠᠯ ᠢ ᠨᠡᠪᠲᠡᠯᠡᠵᠤ ᠭᠠᠷᠤᠭᠰᠠᠨ ᠭᠤᠳᠤᠢ ᠶᠢᠨ ᠰᠡᠭᠡᠷ ᠪᠠ ᠲᠡᠩᠭᠡᠯᠢᠭ ᠤᠨ ᠭᠡᠷᠡᠴᠢᠯᠡᠭᠡᠰᠦ ᠲᠠᠢ ᠠᠭᠤᠯᠵᠠᠭᠰᠠᠨ ᠬᠡᠰᠡᠭ ᠲᠤ ᠳᠦᠷᠪᠡᠨ ᠨᠦᠬᠡ ᠴᠤᠭᠤᠯᠵᠤ᠂ ᠬᠤᠶᠠᠷ ᠡᠮᠡᠭᠡᠯ ᠤᠨ ᠠᠷᠠᠯ ᠢ ᠨᠡᠪᠲᠡᠯᠦᠭᠰᠡᠨ ᠭᠤᠳᠤᠢ ᠶᠢᠨ ᠰᠡᠭᠡᠷ ᠲᠠᠢ ᠬᠤᠯᠪᠤᠵᠤ᠂ ᠳᠤᠮᠳᠠ ᠬᠤᠶᠠᠷ ᠨᠦᠬᠡᠨ ᠳᠤᠨᠢ ᠲᠤᠰᠪᠦᠷᠢ ᠴᠦ᠋ ᠳᠠᠭᠠᠷᠠᠭᠤᠯᠵᠤ ᠲᠡᠩᠭᠡᠯᠢᠭ ᠳᠡᠭᠡᠷ᠎ᠡ ᠪᠠᠨ ᠲᠠᠯᠪᠢᠪᠠᠯ ᠪᠦᠬᠦᠶᠢᠯᠨ ᠠᠵᠢᠯ ᠳᠠᠭᠤᠰᠤᠨ᠎ᠠ᠃  ᠬᠤᠶᠠᠷ ᠠᠷᠠᠯ ᠤᠨ ᠦᠵᠦᠭᠦᠷ  ᠤᠨ ᠨᠦᠬᠡᠨ  ᠳᠤ ᠳᠤᠤᠷ᠎ᠠ ᠲᠠᠯ᠎ᠠ  ᠠᠴᠠ ᠨᠢ ᠬᠤᠶᠠᠷ ᠡᠷᠡᠬᠡᠢ ᠴᠦ᠋ ᠰᠢᠭᠠᠵᠤ᠂ ᠪᠤᠭᠤᠯᠠᠭ᠎ᠠ ᠶᠢ ᠲᠤᠭᠲᠠᠭᠠᠨ᠎ᠠ᠃ ᠪᠤᠭᠤᠯᠠᠭ᠎ᠠ  ᠶᠢ ᠠᠯᠠᠭ᠎ᠠ ᠳᠠᠷᠤᠮ᠎ᠠ ᠪᠦᠭᠳᠦᠷ ᠮᠤᠳᠤ ᠶᠢ ᠬᠠᠪᠳᠠᠭᠠᠶᠢᠯᠠᠨ ᠬᠠᠷᠠᠭᠤᠯᠳᠤᠵᠤ᠂ ᠬᠤᠶᠠᠷ ᠦᠵᠦᠭᠦᠷ ᠲᠤᠨᠢ ᠨᠦᠬᠡ ᠴᠤᠭᠤᠯᠤᠨ᠎ᠠ᠃ ᠪᠤᠷᠭᠤᠯᠵᠢ  ᠶᠢ ᠪᠤᠭᠤᠯᠠᠭ᠎ᠠ  ᠠᠴᠠ ᠨᠠᠷᠢᠨ ᠰᠢᠭ᠋ ᠪᠦᠭᠳᠦᠷ ᠮᠤᠳᠤ ᠪᠠᠷ ᠬᠢᠵᠤ᠂ ᠬᠤᠶᠠᠷ ᠦᠵᠦᠭᠦᠷ ᠲᠤᠨᠢ ᠨᠦᠬᠡ ᠴᠤᠭᠤᠯᠵᠤ᠂ ᠪᠤᠷᠤᠭᠤ ᠲᠠᠯ᠎ᠠ  ᠶᠢ ᠨᠢ ᠠᠷᠠᠯ  ᠤᠨ ᠦᠵᠦᠭᠦᠷ ᠵᠦᠯᠭᠡᠳᠡᠨ ᠤᠶᠠᠬᠤ ᠪᠤᠶᠤ ᠰᠤᠷ  ᠢᠶᠠᠷ ᠬᠤᠯᠪᠤᠨ ᠤᠶᠠᠳᠠᠭ᠃ ᠵᠦᠪ  ᠲᠠᠯ᠎ᠠ ᠳᠤᠨᠢ ᠳᠡᠭᠡᠰᠦ ᠪᠤᠶᠤ ᠰᠤᠷ  ᠢᠶᠠᠷ ᠳᠠᠪᠡᠭᠡ ᠬᠢᠳᠡᠭ᠃ ᠳᠡᠷᠭᠡᠨ ᠠᠲᠠᠷ  ᠢ ᠳᠠᠯᠲᠤ᠂ ᠴᠠᠶᠢᠷ᠂ ᠨᠠᠷᠢᠨ ᠴᠠᠷᠠᠰᠤ ᠪᠤᠶᠤ ᠰᠢᠭᠡᠪᠦᠷ  ᠢᠶᠠᠷ ᠬᠦᠷᠦᠵᠤ᠂ ᠵᠠᠬ᠎ᠠ ᠶᠢᠨ ᠬᠤᠶᠠᠷ ᠢᠯᠡᠦ  ᠠᠴᠠ ᠤᠬᠤᠷ ᠰᠢᠭ᠋ ᠬᠢᠵᠤ᠂ ᠬᠦᠷᠦᠮᠡᠯ  ᠤᠨ ᠮᠠᠯᠠᠭ᠎ᠠ ᠳᠠᠷᠤᠭᠰᠠᠨ ᠲᠠᠯ᠎ᠠ ᠶᠢ ᠵᠦᠪ ᠳᠡᠰᠢ ᠬᠠᠷᠠᠭᠤᠯᠵᠤ ᠳᠠᠪᠢᠰᠦᠨ᠎ᠡ᠃ ᠪᠠᠰᠠ ᠵᠠᠷᠢᠮ ᠨᠢ ᠰᠢᠭᠤᠳ ᠢᠯᠡᠦ ᠪᠠᠨ ᠰᠦᠯᠵᠢᠨ ᠬᠦᠷᠦᠵᠤ ᠠᠲᠠᠷ ᠪᠤᠯᠭᠠᠬᠤ ᠴᠤ ᠪᠤᠢ᠃ ᠶᠡᠷᠦ ᠳᠡᠭᠡᠨ ᠦᠬᠡᠷ ᠲᠡᠷᠭᠡ ᠰᠢᠭᠠᠬᠤ  ᠳᠤ 85 ᠮᠤᠳᠤ ᠬᠡᠷᠡᠭᠯᠡᠵᠤ 118 ᠨᠦᠬᠡ ᠴᠤᠭᠤᠯᠵᠤ ᠪᠦᠭᠯᠡᠨ᠎ᠡ᠃      ᠦᠭᠡᠷ ᠲᠡᠷᠭᠡ ᠪᠠᠷ ᠠᠮᠦ ᠪᠤᠳᠠᠭ᠎ᠠ ᠵᠦᠭᠡᠭᠡᠭᠦ᠂ ᠵᠤᠰᠠᠭᠠᠯ ᠳᠤ ᠭᠠᠷᠬᠤ᠂  ᠲᠠᠪᠤᠰᠤᠨ ᠠᠶᠠᠨ ᠳᠤ ᠶᠠᠪᠤᠬᠤ ᠮᠡᠳᠦ ᠠᠴᠢᠶ᠎ᠠ ᠳᠡᠭᠡᠭᠡᠪᠦᠷᠢ ᠶᠢᠨ ᠠᠵᠢᠯ ᠢ ᠭᠦᠢᠴᠡᠳᠬᠡᠳᠡᠭ᠃   ᠵᠤᠬᠢᠶᠠᠭᠴᠢ᠄ ᠨᠠ᠊ · ᠵᠢᠷᠭᠠᠯ   ᠨᠠᠶᠢᠷᠠᠭᠤᠯᠣᠭᠴᠢ᠄ ᠡ᠊ · ᠰᠠᠷᠠᠭᠤᠯ
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号