ᠮᠠᠯ ᠤᠨ ᠶᠠᠰᠣᠨ ᠤ ᠲᠤᠬᠠᠢ ᠶᠠᠷᠢᠯᠴᠠᠭ᠎ᠠ
ᠨᠡᠶᠢᠲᠡᠯᠡᠭᠰᠡᠨ ᠴᠠᠭ᠄
2015/11/25
                          — ᠲᠦᠩᠯᠢᠶᠣᠤ ᠷᠠᠳᠢᠣ᠋ ᠬᠤᠷᠢᠶ᠎ᠠ ᠶᠢᠨ ᠰᠣᠷᠪᠤᠯᠵᠢᠯᠠᠭ᠎ᠠ ᠳᠤ          ᠬᠦᠳᠦᠯᠦᠭᠴᠢ ︵ᠲᠤᠷᠤᠭᠰᠢ ᠬᠦ᠊ ᠭᠡᠨ᠎ᠡ︶᠄ ᠲᠠ ᠰᠠᠶᠢᠨ ᠤᠤ︖ ᠦᠨᠦᠳᠦᠷ ᠤᠨ ᠨᠡᠪᠳᠡᠷᠡᠭᠦᠯᠭᠡ ᠳᠤ ᠣᠷᠣᠯᠴᠠᠭᠰᠠᠨ ᠳᠤ ᠴᠢᠨᠢ ᠪᠠᠶᠠᠷᠯᠠᠨ ᠤᠭᠳᠤᠵᠤ ᠪᠠᠶᠢᠨ᠎ᠠ᠃      ᠨᠠ᠊ · ᠵᠢᠷᠭᠠᠯ ︵ᠲᠤᠷᠤᠭᠰᠢ ᠨᠠ᠊ · ᠵᠢ᠊ ᠭᠡᠨ᠎ᠡ︶᠄ ᠲᠠ ᠨᠠᠷ ᠰᠠᠶᠢᠨ ᠤᠤ︖ ᠰᠣᠨᠤᠰᠤᠭᠴᠢ ᠲᠦᠮᠡᠨ ᠳᠤ ᠪᠠᠨ ᠠᠮᠤᠷ ᠠᠰᠠᠭᠤᠨ ᠮᠡᠨᠳᠦᠴᠢᠯᠡᠶ᠎ᠡ᠃      ᠬᠦ᠊᠄ ᠤᠷᠴᠢᠮᠬᠠᠨ ᠲᠠᠨ ᠤ ᠪᠢᠴᠢᠭᠰᠡᠨ ︽ᠪᠠᠭᠠᠴᠤᠳ ᠬᠡᠤᠬᠡᠳ ᠲᠤ ᠵᠤᠷᠢᠭᠤᠯᠤᠭᠰᠠᠨ ᠮᠤᠩᠭᠤᠯ ᠦᠨᠳᠦᠰᠦᠳᠡᠨ ᠤ ᠤᠯᠠᠮᠵᠢᠯᠠᠯᠳᠣ ᠰᠣᠶᠣᠯ ᠤᠨ ᠤᠩᠰᠢᠬᠤ ᠪᠢᠴᠢᠭ︾ ᠭᠡᠬᠦ ᠨᠤᠮ ᠬᠡᠪᠯᠡᠭᠳᠡᠭᠡᠳ ᠨᠡᠶᠢᠭᠡᠮ ᠤᠨ ᠡᠯ᠎ᠡ ᠡᠳᠡᠭᠡᠳ ᠤᠨ ᠬᠠᠯᠠᠭᠤᠨ ᠬᠦᠷᠢᠶᠡᠯᠡᠯ ᠢ ᠤᠯᠵᠤ ᠪᠤᠢ᠃ ᠦᠨᠦᠳᠦᠷ ᠲᠤᠰ ᠨᠤᠮ ᠤᠨ ᠠᠭᠤᠯᠭ᠎ᠠ ᠳᠤ ᠵᠤᠬᠢᠴᠠᠭᠤᠯᠤᠨ ︽ᠮᠠᠯ ᠤᠨ ᠶᠠᠰᠤᠨ ᠤ ᠲᠤᠬᠠᠢ︾ ᠶᠠᠷᠢᠯᠴᠠᠶ᠎ᠠ᠃ ᠲᠠ ᠪᠦᠬᠦᠨ ᠲᠠᠭᠠᠯᠠᠨ ᠰᠣᠨᠣᠰᠬᠤ ᠶᠢ ᠬᠦᠰᠡᠨ᠎ᠡ᠃      ᠨᠠ᠊ · ᠵᠢ᠊᠄ ᠲᠠᠨ ᠳᠤ ᠪᠠᠶᠠᠷᠯᠠᠯ᠎ᠠ᠃ ᠠᠬᠠᠮᠠᠳ ᠨᠠᠰᠣᠳᠠᠳ ᠠᠴᠠ ᠰᠣᠨᠣᠰᠴᠤ ᠰᠣᠷᠣᠭᠰᠠᠨ ᠢᠶᠠᠨ ᠶᠠᠷᠢᠶ᠎ᠠ᠃ ᠰᠣᠨᠤᠰᠤᠭᠴᠢ ᠨᠠᠷ ᠡᠷᠡᠭᠡᠯ ᠦᠭᠡᠢ ᠵᠢᠭᠠᠨ ᠵᠢᠯᠤᠭᠤᠳᠬᠤ ᠶᠢ ᠬᠦᠰᠡᠨ᠎ᠡ᠃      ᠬᠦ᠊᠄ ᠲᠠ ᠶᠠᠭᠤᠨ ᠤ ᠤᠷᠢᠳ ᠮᠠᠯ ᠨᠢᠳᠤᠯᠠᠬᠤ ᠲᠤᠬᠠᠢ ᠶᠠᠷᠢᠨ᠎ᠠ ᠤᠤ︖      ᠨᠠ᠊ · ᠵᠢ᠊᠄ ᠮᠠᠨ ᠤ ᠨᠤᠳᠤᠭ ᠤᠨ ᠬᠦᠮᠦᠰ ᠮᠠᠯ ᠨᠢᠳᠤᠯᠠᠬᠤ ᠶᠢ ᠶᠡᠷᠦ ᠠᠴᠠ ᠮᠠᠯ ᠪᠠᠵᠠᠭᠠᠬᠤ ᠭᠡᠳᠡᠭ᠃ ᠮᠠᠯ  ᠢᠶᠠᠨ ᠪᠠᠵᠠᠭᠠᠪᠠᠯ ᠮᠠᠯ ᠤᠨ ᠢᠶᠠᠨ ᠶᠠᠰᠣ ᠮᠢᠬ᠎ᠠ ᠶᠢ ᠮᠦᠴᠢ ᠮᠦᠴᠢ ᠪᠠᠷ ᠰᠠᠯᠭᠠᠬᠤ ᠪᠦᠭᠡᠳ ᠨᠢᠭᠡ ᠨᠢᠭᠡ ᠶᠠᠰᠣ ᠪᠠᠷ ᠦᠶᠡᠯᠡᠳᠡᠭ᠃ ᠮᠠᠯ ᠤᠨ ᠶᠠᠰᠣᠨ ᠳᠤ ᠪᠣᠳᠠᠳᠠᠢ ᠲᠤᠭ᠎ᠠ ᠲᠠᠢ ᠪᠠᠷ ᠪᠠᠷᠠᠬᠤ ᠦᠭᠡᠢ ᠲᠤᠰ ᠲᠤᠰ ᠤᠨ ᠬᠢᠨᠢ ᠨᠡᠷ᠎ᠡ ᠲᠠᠢ ᠪᠠᠶᠢᠳᠠᠭ ᠶᠤᠮ᠃      ᠬᠦ᠊᠄ ᠲᠡᠭᠡᠪᠡᠯ ᠮᠠᠯ ᠢᠶᠠᠨ ᠪᠠᠵᠠᠭᠠᠪᠠᠯ ᠶᠠᠭᠠᠬᠢᠵᠤ ᠮᠦᠴᠢᠯᠡᠬᠦ ᠪᠤᠢ︖      ᠨᠠ᠊ · ᠵᠢ᠊᠄ ᠮᠠᠯ ᠢᠶᠠᠨ ᠪᠠᠵᠠᠭᠠᠪᠠᠯ ᠲᠤᠯᠤᠭᠠᠢ ᠲᠦᠷᠪᠡᠨ ᠰᠢᠭᠢᠷ᠎ᠡ ᠶᠢ ᠰᠠᠯᠭᠠᠵᠤ᠂ ᠪᠦᠬᠦᠯᠢ ᠪᠡᠶ᠎ᠡ ᠶᠢ ᠨᠢ ᠮᠦᠴᠢ ᠮᠦᠴᠢ ᠪᠠᠷ ᠦᠶᠡᠯᠡᠨ ᠰᠠᠯᠭᠠᠳᠠᠭ᠃ ᠲᠠᠷᠣᠢ ᠰᠡᠭᠡᠷ ᠬᠦᠵᠦᠭᠦᠦ ᠡᠪᠴᠢᠭᠦᠦ ᠨᠢᠭᠡ ᠮᠦᠴᠢ᠂ ᠤᠭᠤᠴᠠ ᠨᠢᠭᠡ ᠮᠦᠴᠢ᠂ ᠬᠤᠶᠠᠷ ᠬᠠ ᠲᠤᠰ ᠪᠦᠷᠢ ᠨᠢᠭᠡ ᠮᠦᠴᠢ᠂ ᠬᠤᠶᠠᠷ ᠭᠤᠶ᠎ᠠ ᠲᠤᠰ ᠪᠦᠷᠢ ᠨᠢᠭᠡ ᠮᠦᠴᠢ᠃ ᠨᠡᠶᠢᠳᠡ ᠵᠢᠷᠭᠤᠭᠠᠨ ᠮᠦᠴᠢ ᠬᠤᠪᠢᠶᠠᠳᠠᠭ᠃      ᠬᠦ᠊᠄ ᠮᠠᠯ ᠤᠨ ᠶᠠᠰᠤ ᠬᠡᠳᠦᠢ ᠪᠠᠶᠢᠬᠤ ᠪᠤᠢ︖      ᠨᠠ᠊ · ᠵᠢ᠊᠄ ᠮᠠᠯ ᠤᠨ ᠶᠠᠰᠣᠨ ᠤ ᠲᠤᠭ᠎ᠠ ᠶᠢ ᠬᠡᠯᠡᠪᠡᠯ ᠦᠬᠡᠷ ᠬᠤᠨᠢ ᠠᠳᠠᠯᠢ᠃ ᠬᠤᠨᠢ ᠬᠤᠶᠠᠷ ᠵᠠᠭᠤ ᠠᠷᠪᠠᠨ ᠭᠤᠷᠪᠠᠨ ᠬᠡᠰᠡᠭ ᠶᠠᠰᠣ ᠲᠠᠢ᠃ ᠢᠮᠠᠭ᠎ᠠ ᠬᠤᠶᠠᠷ ᠵᠠᠭᠤ ᠪᠦᠭᠡᠳ ᠶᠢᠰᠦᠨ ᠬᠡᠰᠡᠭ ᠶᠠᠰᠣ ᠲᠠᠢ᠃ ᠢᠮᠠᠭ᠎ᠠ ᠶᠢᠨ ᠰᠡᠭᠦᠯ ᠤᠨ ᠶᠠᠰᠤ ᠨᠢ ᠬᠤᠨᠢᠨ ᠠᠴᠠ ᠲᠦᠷᠪᠡᠨ ᠬᠡᠰᠡᠭ ᠲᠤᠳᠠᠭᠤ ᠪᠠᠶᠢᠳᠠᠭ᠃      ᠬᠦ᠊᠄ ᠮᠠᠯ ᠤᠨ ᠶᠠᠰᠣ ᠶᠢ ᠨᠠᠷᠢᠯᠢᠭ ᠬᠤᠪᠢᠶᠠᠨ ᠶᠠᠷᠢᠨ᠎ᠠ ᠤᠤ︖      ᠨᠠ᠊ · ᠵᠢ᠊᠄ ᠮᠠᠯ ᠤᠨ ᠶᠠᠰᠣ ᠶᠢ ᠲᠤᠯᠤᠭᠠᠢ᠂ ᠬᠦᠵᠦᠭᠦᠦ᠂ ᠬᠤᠶᠠᠷ ᠬᠠ᠂ ᠤᠭᠤᠴᠠ᠂ ᠬᠤᠶᠠᠷ ᠭᠤᠶ᠎ᠠ᠂ ᠲᠦᠷᠪᠡᠨ ᠰᠢᠭᠢᠷ᠎ᠡ ᠶᠢᠨ ᠶᠠᠰᠣ ᠭᠡᠵᠤ ᠬᠤᠪᠢᠶᠠᠨ᠎ᠠ᠃      ᠬᠦ᠊᠄ ᠮᠠᠯ ᠤᠨ ᠲᠣᠯᠤᠭᠠᠢ ᠶᠢᠨ ᠶᠠᠰᠤ ᠬᠡᠳᠦᠢ ᠪᠠᠶᠢᠳᠠᠭ ᠪᠤᠢ︖      ᠨᠠ᠊ · ᠵᠢ᠊᠄ ᠦᠬᠡᠷ ᠬᠤᠨᠢᠨ ᠤ ᠲᠤᠯᠤᠭᠠᠢ ᠶᠢᠨ ᠬᠡᠰᠡᠭ ᠲᠤ ᠲᠦᠴᠢᠨ ᠬᠡᠰᠡᠭ ᠶᠠᠰᠣ ᠪᠤᠢ᠃ ᠡᠭᠦᠨ ᠳᠤ ᠬᠤᠪᠠᠭ᠋ᠠᠢ ᠲᠤᠯᠤᠭᠠᠢ ᠨᠢᠭᠡ ᠬᠡᠰᠡᠭ᠂ ᠡᠷᠡᠤ ᠨᠢᠭᠡ ᠬᠡᠰᠡᠭ᠂ ᠠᠷᠠᠭ᠎ᠠ ᠶᠢᠨ ᠰᠢᠳᠤ ᠬᠤᠷᠢᠨ ᠨᠠᠢᠮᠠᠨ ᠬᠡᠰᠡᠭ᠂ ᠡᠭᠦᠳᠡᠨ ᠰᠢᠳᠤ ᠨᠠᠢᠮᠠᠨ ᠬᠡᠰᠡᠭ᠂ ᠬᠡᠯᠡ ᠪᠠᠭᠠᠯᠵᠠᠭᠤᠷ ᠤᠨ ᠬᠠᠪᠠᠯᠭ᠎ᠠ ᠶᠢᠨ ᠶᠠᠰᠣ ᠬᠤᠶᠠᠷ ᠬᠡᠰᠡᠭ ᠪᠤᠢ᠃      ᠬᠦ᠊᠄ ᠮᠠᠯ ᠤᠨ ᠬᠦᠵᠦᠭᠦᠦ ᠰᠡᠭᠡᠷ ᠤᠨ ᠶᠠᠰᠣ ᠬᠡᠳᠦᠢ ᠪᠠᠶᠢᠬᠤ ᠪᠤᠢ︖      ᠨᠠ᠊ · ᠵᠢ᠊᠄ ᠬᠦᠵᠦᠭᠦᠦ ᠰᠡᠭᠡᠷ ᠡᠪᠴᠢᠭᠦᠦ ᠨᠢᠭᠡ ᠮᠦᠴᠢ ᠳᠤ ᠲᠦᠴᠢᠨ ᠬᠡᠰᠡᠭ ᠶᠠᠰᠣ ᠲᠠᠢ᠃ ᠰᠡᠭᠡᠷ ᠤᠨ ᠶᠠᠰᠣ ᠠᠷᠪᠠᠨ ᠭᠤᠷᠪᠠᠨ ᠬᠡᠰᠡᠭ᠂ ᠬᠦᠵᠦᠭᠦᠦ ᠶᠢᠨ ᠶᠠᠰᠣ ᠵᠢᠷᠭᠤᠭᠠᠨ ᠬᠡᠰᠡᠭ᠂ ᠡᠪᠴᠢᠭᠦᠦ ᠶᠢᠨ ᠶᠠᠰᠣ ᠬᠤᠷᠢᠨ ᠨᠢᠭᠡᠨ ᠬᠡᠰᠡᠭ ᠪᠤᠢ᠃ ᠨᠠᠷᠢᠨ ᠶᠠᠷᠢᠪᠠᠯ ᠠᠮᠠᠨ ᠬᠦᠵᠦᠭᠦᠦ ᠨᠢᠭᠡ ᠬᠡᠰᠡᠭ᠂ ᠡᠮᠡᠭᠡᠯ ᠬᠦᠵᠦᠭᠦᠦ ᠨᠢᠭᠡ ᠬᠡᠰᠡᠭ᠂ ᠪᠣᠰᠤᠳ ᠬᠦᠵᠦᠭᠦᠦ ᠲᠦᠷᠪᠡᠨ ᠬᠡᠰᠡᠭ ᠪᠤᠢ᠃ ᠮᠤᠬᠤᠷ ᠰᠡᠭᠡᠷ ᠨᠢᠭᠡ ᠬᠡᠰᠡᠭ᠂ ᠤᠬᠤᠷ ᠰᠡᠭᠡᠷ ᠲᠦᠷᠪᠡᠨ ᠬᠡᠰᠡᠭ᠂ ᠲᠤᠮᠳᠠᠬᠢ ᠰᠡᠭᠡᠷ ᠲᠦᠷᠪᠡᠨ ᠬᠡᠰᠡᠭ᠂ ᠦᠨᠳᠦᠷ ᠰᠡᠭᠡᠷ ᠲᠦᠷᠪᠡᠨ ᠬᠡᠰᠡᠭ᠂ ᠡᠪᠴᠢᠭᠦᠦ ᠶᠢᠨ ᠪᠦᠳᠡᠷᠬᠡᠢ ᠨᠢᠭᠡ ᠬᠡᠰᠡᠭ ᠪᠤᠢ᠃ ᠠᠶᠤᠮᠠᠳᠠᠭᠠᠢ ᠶᠠᠰᠤ ᠨᠢᠭᠡ ᠬᠡᠰᠡᠭ᠂ ᠭᠤᠤᠯ ᠤᠨ ᠰᠢᠮᠡᠳᠠᠢ ᠶᠠᠰᠣ ᠲᠠᠪᠤᠨ ᠬᠡᠰᠡᠭ᠂ ᠬᠤᠷᠤᠭᠤᠨ ᠶᠠᠰᠣ ᠠᠷᠪᠠᠨ ᠲᠦᠷᠪᠡᠨ ᠬᠡᠰᠡᠭ ᠪᠤᠢ᠃      ᠬᠦ᠊᠄ ᠬᠤᠶᠠᠷ ᠬᠠ ᠶᠢᠨ ᠶᠠᠰᠤ ᠶᠢ ᠶᠠᠭᠠᠬᠢᠵᠤ ᠲᠤᠭᠠᠯᠠᠬᠤ ᠪᠤᠢ︖      ᠨᠠ᠊ · ᠵᠢ᠊᠄ ᠬᠤᠶᠠᠷ ᠬᠠ ᠶᠢᠨ ᠶᠠᠰᠤ ᠭᠤᠴᠢᠨ ᠲᠦᠷᠪᠡᠨ ᠬᠡᠰᠡᠭ ᠪᠤᠢ᠃ ᠡᠭᠦᠨ ᠳᠤ ᠲᠠᠯᠤ ᠶᠢᠨ ᠶᠠᠰᠤ ᠬᠤᠶᠠᠷ ᠬᠡᠰᠡᠭ᠂ ᠬᠠᠶᠢᠨ ᠴᠢᠮᠦᠭᠡ ᠬᠤᠶᠠᠷ ᠬᠡᠰᠡᠭ᠂ ᠪᠤᠭᠳᠤᠰ ᠤᠨ ᠶᠠᠰᠣ ᠬᠤᠶᠠᠷ ᠬᠡᠰᠡᠭ᠂ ᠪᠤᠭᠳᠤᠰ ᠤᠨ ᠲᠣᠯᠤᠭᠠᠢ ᠶᠢᠨ ᠡᠪᠦᠳᠦᠭ ᠤᠨ ᠦᠶ᠎ᠡ ᠶᠢᠨ ᠵᠢᠵᠢᠭ ᠰᠢᠭᠰᠢᠭ ᠶᠠᠰᠤ ᠨᠠᠢᠮᠠᠨ ᠬᠡᠰᠡᠭ᠂ ᠬᠠᠪᠢᠷᠭ᠎ᠠ ᠬᠤᠷᠢᠨ ᠬᠡᠰᠡᠭ ᠪᠠᠶᠢᠳᠠᠭ᠃ ᠬᠠᠪᠢᠷᠭ᠎ᠠ ᠨᠢ ᠦᠨᠳᠦᠷ ᠬᠠᠪᠢᠷᠭ᠎ᠠ ᠨᠠᠢᠮᠠᠨ ᠬᠡᠰᠡᠭ᠂ ᠲᠤᠮᠳᠠ ᠶᠢᠨ ᠬᠠᠪᠢᠷᠭ᠎ᠠ ᠨᠠᠢᠮᠠᠨ ᠬᠡᠰᠡᠭ᠂ ᠪᠣᠭᠤᠨᠢ ᠬᠠᠪᠢᠷᠭ᠎ᠠ ᠲᠦᠷᠪᠡ ᠪᠤᠢ᠃      ᠬᠦ᠊᠄ ᠲᠡᠭᠡᠪᠡᠯ ᠤᠭᠤᠴᠠ ᠶᠢᠨ ᠶᠠᠰᠣ ᠬᠡᠳᠦ ᠪᠤᠢ︖      ᠨᠠ᠊ · ᠵᠢ᠊᠄ ᠤᠭᠤᠴᠠ ᠶᠢᠨ ᠶᠠᠰᠣ ᠭᠤᠴᠢᠨ ᠨᠢᠭᠡᠨ ᠬᠡᠰᠡᠭ ᠪᠤᠢ᠃ ᠡᠭᠦᠨ ᠳᠤ ᠨᠢᠷᠤᠭᠤ ᠶᠢᠨ ᠶᠠᠰᠤ ᠨᠠᠢᠮᠠ᠂ ᠰᠦᠪᠡᠷᠭᠡ ᠵᠢᠷᠭᠤᠭ᠎ᠠ᠂ ᠰᠡᠭᠦᠯ ᠤᠨ ᠪᠣᠭᠤᠮᠢ ᠨᠢᠭᠡ᠂ ᠰᠡᠭᠦᠯ ᠤᠨ ᠦᠶ᠎ᠡ ᠶᠢᠨ ᠵᠢᠵᠢᠭ ᠶᠠᠰᠣ ᠠᠷᠪᠠᠨ ᠵᠢᠷᠭᠤᠭᠠᠨ ᠬᠡᠰᠡᠭ ᠪᠤᠢ᠃      ᠬᠦ᠊᠄ ᠬᠤᠶᠠᠷ ᠭᠤᠶ᠎ᠠ ᠳᠤ ᠬᠡᠳᠦᠨ ᠶᠠᠰᠤ ᠪᠠᠶᠢᠳᠠᠭ ᠪᠤᠢ︖      ᠨᠠ᠊ · ᠵᠢ᠊᠄ ᠬᠤᠶᠠᠷ ᠭᠤᠶ᠎ᠠ ᠳᠤ ᠠᠷᠪᠠᠨ ᠬᠤᠶᠠᠷ ᠬᠡᠰᠡᠭ ᠶᠠᠰᠤ ᠪᠤᠢ᠃ ᠡᠭᠦᠨ ᠤ ᠲᠤᠳᠤᠷ᠎ᠠ ᠰᠡᠭᠦᠵᠢ ᠶᠢᠨ ᠶᠠᠰᠤ ᠬᠤᠶᠠᠷ ᠬᠡᠰᠡᠭ᠂ ᠲᠤᠮᠳᠠ ᠴᠢᠮᠦᠭᠡ ᠶᠢᠨ ᠶᠠᠰᠤ ᠬᠤᠶᠠᠷ ᠬᠡᠰᠡᠭ᠂ ᠱᠠᠭᠠᠨᠳᠤ ᠶᠢᠨ ᠶᠠᠰᠤ ᠬᠤᠶᠠᠷ ᠬᠡᠰᠡᠭ᠂ ᠲᠤᠶᠢᠭ ᠤᠨ ᠪᠦᠮᠪᠦᠷᠢᠭᠡᠨ ᠶᠠᠰᠤ ᠬᠤᠶᠠᠷ ᠬᠡᠰᠡᠭ᠂ ᠰᠠᠷᠢᠰᠤᠨ ᠪᠤᠷᠪᠢ ᠶᠢᠨ ᠶᠠᠰᠣ ᠬᠤᠶᠠᠷ ᠬᠡᠰᠡᠭ᠂ ᠱᠠᠭ᠎ᠠ ᠬᠤᠶᠠᠷ ᠬᠡᠰᠡᠭ ᠪᠠᠶᠢᠳᠠᠭ᠃      ᠬᠦ᠊᠄ ᠲᠦᠷᠪᠡᠨ ᠰᠢᠭᠢᠷ᠎ᠡ ᠶᠢᠨ ᠬᠡᠰᠡᠭ ᠤᠨ ᠶᠠᠰᠣ ᠨᠢ ᠶᠠᠭᠤ ᠶᠠᠭᠤ ᠪᠠᠶᠢᠳᠠᠭ ᠪᠤᠢ︖      ᠨᠠ᠊ · ᠵᠢ᠊᠄ ᠲᠦᠷᠪᠡᠨ ᠰᠢᠭᠢᠷ᠎ᠡ ᠶᠢᠨ ᠬᠡᠰᠡᠭ ᠲᠤ ᠲᠠᠪᠢᠨ ᠵᠢᠷᠭᠤᠭᠠᠨ ᠬᠡᠰᠡᠭ ᠶᠠᠰᠣ ᠪᠤᠢ᠃ ᠡᠭᠦᠨ ᠤ ᠲᠤᠳᠤᠷ᠎ᠠ ᠰᠢᠯᠪᠢ ᠶᠢᠨ ᠶᠠᠰᠤ ᠲᠦᠷᠪᠡᠨ ᠬᠡᠰᠡᠭ᠂ ᠠᠷᠣ ᠶᠢᠨ ᠰᠢᠭᠢᠷ᠎ᠡ ᠶᠢᠨ ᠲᠡᠭᠡᠷ᠎ᠡ ᠬᠡᠰᠡᠭ ᠲᠤ ᠪᠤᠷᠪᠢ ᠶᠢᠨ ᠦᠶ᠎ᠡ ᠶᠢᠨ ᠵᠢᠵᠢᠭ ᠰᠢᠭᠰᠢᠭ ᠶᠠᠰᠤ ᠨᠠᠢᠮᠠᠨ ᠬᠡᠰᠡᠭ᠂ ᠪᠠᠬᠢᠯᠢᠭ᠌ ᠶᠠᠰᠤ ᠲᠦᠷᠪᠡᠨ ᠬᠡᠰᠡᠭ᠂ ᠴᠦᠮᠴᠡ ᠶᠠᠰᠤ ᠨᠠᠢᠮᠠᠨ ᠬᠡᠰᠡᠭ᠂ ᠲᠢᠳᠡᠮ ᠶᠠᠰᠤ ᠨᠠᠢᠮᠠᠨ ᠬᠡᠰᠡᠭ᠂ ᠲᠣᠤᠷ᠎ᠠ ᠲᠣᠭᠤᠷᠠᠢ ᠶᠢᠨ ᠪᠤᠷᠪᠢ ᠶᠢᠨ ᠵᠢᠵᠢᠭ ᠰᠢᠭᠰᠢᠭ ᠶᠠᠰᠤ ᠠᠷᠪᠠᠨ ᠵᠢᠷᠭᠤᠭᠠᠨ ᠬᠡᠰᠡᠭ᠂ ᠲᠤᠭᠤᠷᠠᠢ ᠶᠢᠨ ᠶᠠᠰᠤ ᠨᠠᠢᠮᠠᠨ ᠬᠡᠰᠡᠭ ᠪᠠᠶᠢᠳᠠᠭ᠃      ᠬᠦ᠊᠄ ᠲᠠᠨ ᠤ ᠨᠠᠷᠢᠨ ᠲᠤᠳᠤᠷᠬᠠᠢ ᠶᠠᠷᠢᠭᠰᠠᠨ ᠢ ᠰᠣᠨᠤᠰᠤᠭᠠᠳ ᠮᠠᠰᠢ ᠤᠯᠠᠨ ᠵᠦᠢᠯ ᠢ ᠮᠡᠳᠡᠭᠰᠡᠨ ᠰᠢᠦ᠃ ᠡᠳᠡᠭᠡᠷ ᠶᠤᠰᠤ ᠵᠠᠩᠰᠢᠯ ᠢᠶᠠᠨ ᠤᠯᠠᠮᠵᠢᠯᠠᠨ ᠵᠠᠯᠭᠠᠮᠵᠢᠯᠠᠬᠤ ᠲᠤᠬᠠᠢ ᠦᠵᠡᠯᠳᠡ ᠪᠠᠨ ᠶᠠᠷᠢᠨ᠎ᠠ ᠤᠤ︖      ᠨᠠ᠊ · ᠵᠢ᠊᠄ ᠰᠠᠶ᠋ᠢ ᠶᠢᠨ ᠶᠠᠷᠢᠭᠰᠠᠨ ᠪᠤᠯ ᠮᠤᠩᠭᠤᠯᠴᠤᠳ ᠤᠨ ᠡᠳᠦᠷ ᠲᠣᠳᠤᠮ ᠤᠨ ᠠᠮᠢᠳᠤᠷᠠᠯ ᠤᠨ ᠮᠡᠳᠡᠪᠡᠰᠣ ᠵᠤᠬᠢᠬᠤ ᠶᠤᠰᠤ ᠤᠴᠢᠷ ᠤᠳ ᠶᠤᠮ᠃ ᠨᠠᠰᠣᠳᠠᠨ ᠪᠤᠭᠤᠷᠤᠯᠴᠤᠤᠯ ᠮᠠᠨᠢ ᠬᠡᠤᠬᠡᠳ ᠬᠤᠶᠢᠴᠢᠰ ᠲᠤ ᠪᠠᠨ ᠤᠯᠠᠮᠵᠢᠯᠠᠨ ᠰᠣᠷᠭᠠᠵᠤ ᠢᠷᠡᠪᠡ᠃ ᠮᠠᠨᠤᠰ ᠴᠦ ᠡᠨᠡ ᠬᠦ ᠰᠠᠶᠢᠬᠠᠨ ᠶᠤᠰᠤ ᠵᠠᠩᠰᠢᠯ ᠢ ᠤᠯᠠᠮᠵᠢᠯᠠᠨ ᠰᠣᠷᠴᠤ᠂ ᠴᠠᠭ ᠦᠷᠭᠦᠯᠵᠢ ᠠᠩᠬᠠᠷᠤᠯ ᠳᠤ ᠪᠠᠨ ᠠᠪᠴᠤ᠂ ᠬᠡᠤᠬᠡᠳ ᠪᠠᠭᠠᠴᠤᠳ ᠲᠤ ᠪᠠᠨ ᠰᠣᠷᠭᠠᠪᠠᠯ ᠡᠷᠳᠡᠨ ᠠᠴᠠ ᠦᠪᠯᠡᠭᠰᠡᠨ ᠡᠷᠬᠢᠮ ᠨᠠᠨᠳᠢᠨ ᠵᠠᠩᠰᠢᠯ ᠢᠶᠠᠨ ᠵᠠᠯᠭᠠᠮᠵᠢᠯᠠᠵᠤ ᠴᠢᠳᠠᠨ᠎ᠠ᠃      ᠬᠦ᠊᠄ ᠲᠠᠨ ᠳᠤ ᠲᠠᠬᠢᠨᠳᠠ ᠲᠠᠯᠠᠷᠬᠠᠶ᠎ᠠ᠃ ᠠᠵᠢᠯ ᠦᠢᠯᠡᠰ ᠤᠨ ᠠᠮᠵᠢᠯᠳᠠ ᠶᠢ ᠵᠦᠩᠨᠡᠶ᠎ᠡ︕      ᠨᠠ᠊ · ᠵᠢ᠊᠄ ᠲᠠᠨ ᠳᠤ ᠲᠠᠯᠠᠷᠬᠠᠯ᠎ᠠ᠃ ᠰᠣᠨᠤᠰᠤᠭᠴᠢ ᠲᠦᠮᠡᠨ ᠳᠤ ᠪᠠᠨ ᠪᠠᠶᠠᠷᠯᠠᠯ᠎ᠠ᠃
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号