ᠮᠤᠷᠢᠨ ᠡᠮᠡᠭᠡᠯ
ᠨᠡᠶᠢᠲᠡᠯᠡᠭᠰᠡᠨ ᠴᠠᠭ᠄
2015/11/25
     ᠡᠮᠡᠭᠡᠯ ᠪᠤᠯ ᠮᠠᠯᠴᠢᠨ ᠬᠦᠮᠦᠨ  ᠤ ᠡᠳᠦᠷ ᠲᠤᠳᠤᠮ  ᠤᠨ ᠦᠢᠯᠡᠳᠪᠦᠷᠢᠯᠡᠯ ᠠᠮᠢᠳᠤᠷᠠᠯ  ᠳᠤ ᠲᠤᠳ᠋ᠬᠠᠳᠠᠵᠤ ᠪᠤᠯᠤᠰᠢ ᠦᠭᠡᠢ ᠬᠡᠷᠡᠭᠰᠡᠯ ᠶᠤᠮ᠃ ᠡᠮᠡᠭᠡᠯ  ᠢ ᠶᠡᠷᠦ  ᠳᠡᠭᠡᠨ ︽ᠮᠤᠷᠢᠨ  ᠤ ᠴᠢᠮᠡᠭ ᠡᠷ᠎ᠡ  ᠶᠢᠨ ᠰᠦᠷ︾ ᠭᠡᠵᠦ ᠦᠵᠡᠳᠡᠭ᠃      ᠡᠮᠡᠭᠡᠯ ᠨᠢ ᠬᠠᠨᠭ᠍ᠬᠠᠢ ᠡᠮᠡᠭᠡᠯ᠂ ᠡᠮᠡᠭᠡᠯ  ᠤᠨ ᠬᠡᠷᠡᠭᠰᠡᠯ᠂ ᠡᠮᠡᠭᠡᠯ  ᠤᠨ ᠵᠠᠰᠠᠯ ᠵᠡᠷᠭᠡ  ᠪᠠᠷ ᠪᠦᠷᠢᠯᠳᠦᠨ᠎ᠡ᠃      ᠬᠠᠨᠭ᠍ᠬᠠᠢ ᠡᠮᠡᠭᠡᠯ ᠢ ᠬᠤᠰᠤ᠂ ᠤᠳᠠ᠂ ᠬᠠᠶᠢᠯᠠᠰᠤ  ᠪᠠᠷ ᠬᠢᠳᠡᠭ᠃ ᠪᠦᠬᠦᠷᠭᠡ  ᠶᠢᠨ ᠬᠤᠶᠠᠷ ᠮᠤᠳᠤ᠂ ᠬᠠᠪᠳᠠᠭᠠᠯ  ᠤᠨ ᠬᠤᠶᠠᠷ ᠮᠤᠳᠤ᠂ ᠡᠮᠡᠭᠡᠯ ᠤᠨ ᠭᠤᠤᠯ ᠤᠨ ᠨᠢᠭᠡ ᠮᠤᠳᠤ ᠵᠡᠷᠭᠡ ᠲᠠᠪᠤᠨ ᠮᠤᠳᠤ  ᠪᠠᠷ ᠪᠦᠷᠢᠯᠳᠦᠨ᠎ᠡ᠃ ᠡᠮᠡᠭᠡᠯ  ᠤᠨ ᠡᠮᠦᠨ᠎ᠡ ᠬᠤᠶᠢᠨ᠎ᠠ ᠪᠦᠭᠦᠷᠭᠡ ᠶᠢ ᠠᠰ ᠰᠢᠷᠬᠡᠭ ᠲᠠᠢ ᠮᠤᠳᠤ  ᠪᠠᠷ ᠬᠢᠬᠦ ᠦᠭᠡᠢ᠂ ᠰᠠᠯᠠᠭ᠎ᠠ ᠮᠤᠳᠤ  ᠪᠠᠷ ᠬᠢᠨ᠎ᠡ᠃ ᠠᠰ ᠰᠢᠷᠬᠡᠭ ᠲᠠᠢ ᠮᠤᠳᠤ ᠨᠢ ᠠᠮᠠᠷᠬᠠᠨ ᠬᠠᠭᠠᠷᠠᠵᠤ ᠰᠠᠯᠪᠠᠷᠠᠳᠠᠭ᠃ ᠬᠠᠨᠭ᠍ᠬᠠᠢ ᠡᠮᠡᠭᠡᠯ  ᠢ ᠨᠡᠶᠢᠯᠡᠭᠦᠯᠦᠨ ᠬᠢᠬᠦ ᠳᠡᠭᠡᠨ ᠰᠤᠷ ᠢᠶᠠᠷ ᠦᠳᠡᠳᠡᠭ᠂ ᠴᠢᠬᠢᠭ ᠤᠰᠤ ᠪᠤᠶᠤ ᠶᠠᠮᠠᠷ ᠨᠢᠭᠡᠨ ᠰᠢᠯᠳᠠᠭᠠᠨ  ᠢᠶᠠᠷ ᠨᠠᠭᠠᠳᠠᠰᠤ ᠴᠠᠪᠠᠤ ᠨᠢ ᠰᠠᠯᠪᠠᠯ ᠰᠤᠷ ᠤᠨ ᠦᠳᠡᠭᠡᠰᠦ ᠨᠢ ᠬᠢᠯᠪᠡᠷᠬᠠᠨ ᠰᠠᠯᠬᠤ ᠦᠭᠡᠢ ᠲᠤᠯᠨ ᠡᠮᠡᠭᠡᠯ ᠳᠡᠭᠡᠨ ᠲᠤᠰᠨ ᠲᠠᠢ ᠶᠤᠮ ᠃ ᠬᠠᠨᠭ᠍ᠬᠠᠢ ᠡᠮᠡᠭᠡᠯ  ᠢᠶᠠᠨ ᠬᠢᠭᠰᠡᠨ  ᠤ ᠲᠠᠷᠠᠭ᠎ᠠ ᠨᠢᠮᠭᠡᠨ ᠴᠤᠯᠭᠤᠢ ᠠᠷᠠᠰᠤ ᠪᠠᠷ ᠲᠡᠪᠰᠨ  ᠶᠢᠨ ᠲᠤᠤᠷ᠎ᠠ ᠲᠠᠯ᠎ᠠ  ᠶᠢ  ᠪᠦᠷᠢᠵᠤ ᠨᠠᠭᠠᠬᠤ ᠴᠤ ᠪᠤᠢ᠃ ᠡᠨ᠋ᠨ ᠨᠢ ᠡᠮᠡᠭᠡᠯ  ᠢᠶᠠᠨ ᠪᠠᠬᠢᠯᠢᠭ᠌ ᠴᠢᠩᠭ᠎ᠠ ᠪᠤᠯᠭᠠᠳᠠᠭ᠃ ᠡᠮᠡᠭᠡᠯ ᠬᠢᠬᠦ  ᠳᠤ ᠮᠤᠳᠤᠴᠢᠨ  ᠤ ᠡᠷᠳᠡᠮ ᠮᠠᠰᠢ ᠴᠢᠬᠤᠯᠨ᠂ ᠰᠠᠶᠢᠨ ᠮᠤᠳᠤᠴᠢᠨ ᠤ ᠬᠢᠭᠰᠡᠨ ᠡᠮᠡᠭᠡᠯ ᠨᠢ ᠬᠦᠡᠭᠭᠡᠨ᠂ ᠮᠤᠷᠢᠨ ᠤ ᠨᠢᠷᠤᠭᠤ ᠶᠢ ᠲᠠᠷᠤᠬᠤ ᠦᠭᠡᠢ᠃ ᠮᠠᠭᠤ ᠮᠤᠳᠤᠴᠢᠨ  ᠤ ᠬᠢᠭᠰᠡᠨ ᠡᠮᠡᠭᠡᠯ ᠨᠢ ᠪᠦᠳᠦᠭᠦᠯᠢᠭ᠂ ᠮᠤᠷᠢᠨ ᠤ ᠨᠢᠷᠦᠭᠤᠨ  ᠳᠤ ᠬᠠᠯᠨ ᠲᠠᠢ᠃      ᠡᠮᠡᠭᠡᠯ ᠤᠨ ᠬᠡᠷᠡᠭᠰᠡᠯ  ᠳᠤ ᠲᠡᠪᠰᠨ᠂ ᠲᠡᠭᠡᠯᠢ᠂ ᠬᠦᠯᠢᠮ᠂ ᠲᠤᠬᠤᠮ᠂ ᠲᠦᠷᠦᠭᠡ᠂ ᠭᠠᠨᠵᠤᠭ᠎ᠠ᠂ ᠤᠯᠤᠩ᠂ ᠵᠢᠷᠢᠮ ᠵᠡᠷᠭᠡ ᠪᠤᠢ᠃ ᠲᠡᠪᠰᠨ  ᠶᠢ ᠨᠢᠮᠭᠡᠨ ᠢᠰᠡᠭᠡᠢ  ᠪᠠᠷ ᠬᠢᠵᠦ᠂ ᠬᠠᠷ᠎ᠠ ᠦᠭᠡᠳᠡᠩ᠂ ᠴᠢᠮᠪᠢ  ᠪᠠᠷ ᠭᠠᠳᠠᠷᠯᠠᠨ᠎ᠠ᠃ ᠬᠦᠯᠢᠮ  ᠢ ᠪᠤᠯᠢᠭᠠᠷᠢ ᠪᠤᠶᠤ ᠦᠭᠡᠷ  ᠤᠨ ᠠᠷᠠᠰᠤ  ᠪᠠᠷ ᠬᠢᠳᠡᠭ᠃ ᠬᠦᠯᠢᠮ ᠨᠢ ᠲᠦᠷᠦᠭᠡ ᠠᠴᠠ ᠪᠠᠨ ᠲᠤᠷᠤᠠᠠᠰᠢ ᠵᠢᠭᠠᠬᠠᠨ ᠢᠯᠡᠭᠦᠦ ᠭᠠᠷᠳᠠᠭ᠃  ᠲᠤᠬᠤᠮ  ᠢ ᠮᠤᠷᠢᠨ ᠲᠡᠯ ᠪᠤᠶᠤ ᠢᠮᠠᠭᠠᠨ ᠤᠡᠭᠭᠠᠰᠤ  ᠪᠠᠷ ᠬᠢᠨ᠎ᠡ᠃ ᠲᠦᠷᠦᠭᠡ  ᠶᠢ ᠲᠡᠮᠦᠷ᠂ ᠬᠦᠷᠡᠯ ᠢᠶᠠᠷ ᠴᠢᠳᠬᠤᠬᠤ ᠪᠤᠶᠤ ᠲᠠᠪᠳᠠᠵᠤ ᠬᠢᠳᠡᠭ᠃ ᠡᠮᠡᠭᠡᠯ  ᠳᠤ ᠭᠤᠴᠢᠨ ᠬᠤᠶᠠᠷ ᠭᠠᠨᠵᠤᠭ᠎ᠠ ᠲᠠᠢ ᠂ ᠡᠭᠦᠨᠳᠦ ᠨᠠᠢᠮᠡᠨ ᠨᠠᠷᠢᠨ ᠭᠠᠨᠵᠤᠭ᠎ᠠ᠂ ᠬᠤᠷᠢᠨ ᠲᠦᠷᠪᠡᠨ ᠪᠦᠳᠦᠭᠦᠨ ᠭᠠᠨᠵᠤᠭ᠎ᠠ ᠪᠤᠢ᠃ ᠬᠤᠶᠠᠷ ᠤᠯᠤᠩ ᠬᠤᠶᠠᠷ ᠵᠢᠷᠢᠮ ᠲᠠᠢ᠂ ᠤᠯᠤᠩ ᠢ ᠬᠠᠷ᠎ᠠ ᠴᠠᠭᠠᠨ ᠮᠤᠷᠢᠨ ᠲᠡᠯ ᠢᠶᠠᠷ ᠲᠠᠮᠤᠠᠠᠰᠠᠨ ᠨᠠᠷᠢᠨ ᠲᠡᠭᠡᠰᠦ ᠪᠠᠷ ᠡᠷᠴᠢᠮ ᠤᠨ ᠵᠦᠪ ᠪᠤᠷᠤᠭᠤ  ᠪᠠᠷ ᠡᠩᠨᠡᠭᠦᠯᠦᠨ ᠬᠠᠪᠳᠠᠭᠠᠶᠢᠯᠠᠨ ᠤᠶᠤᠵᠤ᠂ ᠵᠢᠷᠢᠮ  ᠢ ᠨᠠᠢᠮᠨ᠂ ᠠᠷᠪᠠᠨ ᠨᠠᠷᠢᠨ ᠰᠤᠷ ᠢᠶᠠᠷ ᠨᠦᠬᠡ ᠲᠠᠢ ᠭᠦᠷᠦᠨ᠎ᠡ᠃      ᠡᠮᠡᠭᠡᠯ ᠤᠨ ᠵᠠᠰᠠᠯ ᠭᠡᠪᠡᠯ ᠬᠤᠶᠠᠷ ᠪᠦᠭᠦᠷᠬᠡ᠂ ᠬᠠᠪᠳᠠᠭᠠᠯ᠂ ᠬᠠᠪᠳᠠᠭᠠᠯ ᠤᠨ ᠭᠠᠨᠵᠤᠭᠠᠨ ᠨᠦᠬᠡᠨ  ᠤ ᠬᠦᠪᠡᠭᠡ ᠶᠢ ᠮᠦᠡᠭᠭᠦ ᠪᠤᠶᠤ ᠴᠠᠭᠠᠨ ᠭᠠᠤᠯᠢ ᠪᠠᠷ ᠬᠦᠪᠡᠭᠡᠯᠡᠨ᠎ᠡ᠃ ᠲᠡᠭᠡᠯᠢ ᠶᠢ ᠨᠤᠭᠤᠭᠠᠨ ᠦᠡᠭᠭᠡ ᠰᠠᠭᠤᠯᠭᠠᠠᠠᠰᠠᠨ ᠨᠢᠮᠭᠡᠨ ᠠᠷᠠᠰᠤ ᠪᠠᠷ ᠬᠦᠪᠡᠭᠡᠯᠡᠵᠦ᠂ ᠬᠤᠶᠠᠷ ᠮᠦᠷ ᠵᠢᠵᠢᠭ ᠲᠤᠪᠤᠷᠤᠤ ᠰᠢᠬᠢᠳᠭᠡᠵᠦ᠂ ᠭᠤᠤᠯ ᠳᠤᠨᠢ ᠲᠤᠮᠤ ᠲᠠᠷᠤᠴᠨ᠂ ᠲᠤᠭᠤᠷᠢᠨ ᠳᠤᠨᠢ ᠲᠠᠪᠤᠨ ᠵᠢᠭᠠᠬᠠᠨ ᠲᠠᠷᠤᠴᠨ ᠪᠠᠷ ᠬᠦᠷᠢᠶᠡᠯᠡᠨ᠎ᠡ᠃ ᠭᠠᠨᠵᠤᠭ᠎ᠠ  ᠶᠢ ᠬᠢᠬᠦ  ᠳᠤ ᠵᠦᠰᠦᠭᠰᠡᠨ ᠰᠤᠷ ᠢᠶᠠᠨ ᠢᠮᠠᠭᠠᠨ ᠡᠪᠡᠷ ᠤᠨ ᠰᠤᠷ ᠲᠠᠳᠠᠭᠤᠷ ᠤᠨ ᠨᠦᠬᠡ ᠪᠠᠷ ᠰᠦᠪᠡᠯᠡᠨ ᠬᠦᠷᠦᠰᠦ  ᠶᠢ ᠨᠢ ᠭᠠᠳ᠋ᠬᠠᠰᠢ ᠬᠠᠷᠠᠭᠤᠯᠤᠨ ᠬᠡᠳᠦᠨᠳᠡ ᠰᠢᠪᠬᠠᠷᠤᠨ ᠲᠠᠳᠠᠵᠤ ᠦ ᠦᠭᠡᠢ ᠪᠦᠮᠪᠦᠷᠢᠬᠡᠨ ᠪᠤᠯᠭᠠᠵᠤ᠂ ᠲᠤᠤᠷ᠎ᠠ ᠦᠵᠦᠭᠦᠷ᠂ ᠲᠤᠮᠳᠠ ᠲᠤᠤᠭᠤᠷ ᠤᠨ ᠬᠡᠰᠡᠭ ᠲᠤ ᠮᠦᠡᠭᠭᠦ᠂ ᠭᠠᠤᠯᠢ ᠶᠢᠨ ᠭᠤᠷᠪᠠ ᠭᠤᠷᠪᠠᠨ ᠪᠦᠯᠡᠵᠡᠭ ᠲᠠᠭᠠᠷᠠᠭᠤᠯᠤᠨ᠎ᠠ᠃      ᠡᠮᠡᠭᠡᠯ ᠬᠢᠬᠦ ᠶᠠᠪᠤᠴᠨ᠄      ᠡᠮᠡᠭᠡᠯ  ᠤᠨ ᠡᠮᠦᠨ᠎ᠡ ᠬᠤᠶᠢᠨ᠎ᠠ ᠪᠦᠬᠦᠷᠭᠡ  ᠶᠢᠨ ᠮᠤᠳᠤ  ᠶᠢ ᠰᠠᠶᠢᠳᠤᠷ ᠱᠤᠯᠤᠵᠤ᠂ ᠦ ᠰᠡᠪ  ᠢ ᠨᠢ ᠠᠷᠢᠯᠭᠠᠨ ᠬᠠᠭᠤᠷᠠᠶᠢᠳᠠᠨ᠎ᠠ᠃ ᠡᠮᠡᠭᠡᠯ  ᠤᠨ ᠬᠤᠨᠭ᠍ᠬᠤ  ᠶᠢᠨ ᠡᠮᠦᠨ᠎ᠡ ᠲᠠᠯ᠎ᠠ ᠨᠢ ᠵᠠᠩᠬᠢᠳᠤᠠᠠᠰᠠᠨ ᠨᠢᠳᠤᠷᠭ᠎ᠠ ᠬᠦᠨᠳᠡᠯᠡᠨ ᠢᠶᠠᠷ ᠪᠠᠭᠳᠠᠬᠤ ᠠᠭᠤᠵᠢᠮ᠂ ᠠᠷᠤ ᠲᠠᠯ᠎ᠠ ᠨᠢ ᠲᠤᠯᠤᠭᠠᠨ ᠬᠤᠷᠤᠭᠤ ᠰᠢᠬᠠᠮ ᠪᠤᠯ ᠪᠤᠯᠴᠢᠬᠠᠨ᠎ᠠ᠃ ᠬᠤᠶᠠᠷ ᠬᠠᠪᠳᠠᠭᠠᠯ ᠤᠨ ᠮᠤᠳᠤ ᠪᠠᠨ ᠵᠠᠰᠠᠭᠠᠳ᠂ ᠭᠤᠤᠯ ᠮᠤᠳᠤ  ᠪᠠᠨ ᠬᠠᠪᠳᠠᠭᠠᠯ ᠲᠠᠢ ᠨᠡᠶᠢᠯᠡᠭᠦᠯᠦᠨ ᠴᠠᠪᠠᠤᠳᠠᠨ᠎ᠠ᠃ ᠬᠠᠪᠳᠠᠭᠠᠯ  ᠢ ᠬᠤᠶᠠᠷ ᠪᠦᠭᠦᠷᠭᠡ ᠲᠠᠢ ᠠᠰᠠᠯᠠᠭᠤᠯᠤᠨ ᠬᠦᠨᠳᠡᠯᠡᠨ ᠬᠡᠷᠴᠢᠯᠡᠭᠡᠰᠦ ᠭᠠᠷᠭᠠᠵᠤ᠂ ᠪᠦᠭᠦᠷᠭᠡᠨ ᠤ ᠬᠤᠶᠠᠷ ᠭᠤᠶ᠎ᠠ  ᠶᠢᠨ ᠦᠵᠦᠭᠦᠷ  ᠢ ᠵᠠᠰᠠᠨ ᠬᠠᠭᠤᠷᠠᠶᠢᠳᠠᠵᠤ᠂ ᠬᠦᠨᠳᠡᠯᠡᠨ ᠬᠡᠷᠴᠢᠯᠡᠭᠡᠰᠦ ᠳᠤ ᠲᠠᠭᠠᠷᠠᠭᠤᠯᠤᠨ ᠴᠠᠪᠠᠦᠳᠠᠨ᠎ᠠ᠃ ᠬᠠᠪᠳᠠᠭᠠᠯ᠂ ᠪᠦᠭᠦᠷᠭᠡᠨ ᠤ ᠬᠤᠶᠠᠷ ᠭᠤᠶ᠎ᠠ  ᠶᠢ ᠲᠠᠪᠬᠤᠷᠯᠠᠨ ᠴᠤᠭᠤᠯᠵᠤ᠂ ᠴᠠᠪᠠᠤ ᠲᠠᠢ ᠵᠤᠷᠭᠤᠠᠠᠰᠠᠨ ᠬᠤᠯᠤᠰᠤ  ᠪᠠᠷ ᠬᠠᠳᠠᠵᠤ ᠬᠤᠯᠪᠤᠨ᠎ᠠ᠃ ᠮᠦᠨ ᠬᠠᠪᠳᠠᠭᠠᠯ᠂ ᠪᠦᠭᠦᠷᠭᠡᠨ ᠤ ᠬᠤᠶᠠᠷ ᠭᠤᠶ᠎ᠠ ᠶᠢ ᠲᠠᠪᠬᠤᠷᠯᠠᠨ ᠴᠤᠭᠤᠯᠵᠤ᠂ ᠤᠯᠤᠩ ᠵᠢᠷᠢᠮ  ᠤᠨ ᠤᠠᠠᠴᠤᠷᠭ᠎ᠠ ᠲᠠᠭᠠᠷᠠᠭᠤᠯᠤᠨ᠎ᠠ᠃ ᠬᠠᠪᠳᠠᠭᠠᠯ ᠤᠨ ᠲᠤᠤᠷ᠎ᠠ ᠬᠦᠪᠡᠭᠡ ᠪᠠᠷ ᠨᠠᠷᠢᠨ ᠬᠦᠨᠳᠡᠯᠡᠨ ᠨᠦᠬᠡ ᠴᠤᠭᠤᠯᠵᠤ ᠲᠦᠷᠦᠭᠡᠨ ᠰᠤᠷ ᠢ ᠭᠤᠨ᠋ᠠᠴᠤᠭᠠᠯᠠᠵᠤ ᠲᠠᠳᠠᠨ᠎ᠠ᠃ ᠬᠤᠶᠠᠷ ᠦᠵᠦᠭᠦᠷ ᠲᠤᠨᠢ ᠲᠤᠰᠪᠦᠷᠢ ᠬᠤᠶᠠᠷ ᠨᠦᠬᠡ ᠴᠤᠭᠤᠯᠵᠤ ᠭᠠᠨᠵᠤᠭ᠎ᠠ ᠲᠠᠳᠠᠨ᠎ᠠ᠃ ᠲᠠᠪᠰᠨ ᠶᠢ ᠬᠤᠶᠠᠷ ᠲᠠᠷᠤᠴᠨ ᠪᠠᠷ ᠬᠤᠯᠪᠤᠵᠤ ᠤᠶᠠᠨ᠎ᠠ᠃ ᠬᠤᠶᠠᠷ ᠲᠡᠭᠡᠯᠢ ᠶᠢᠨ ᠲᠡᠭᠡᠷ᠎ᠡ ᠬᠦᠪᠡᠭᠡ ᠨᠢ ᠲᠡᠭᠰᠢ᠂ ᠲᠤᠤᠷ᠎ᠠ ᠬᠦᠪᠡᠭᠡ ᠨᠢ ᠵᠢᠭᠠᠬᠠᠨ ᠲᠦᠭᠦᠷᠢᠭ᠂ ᠬᠤᠶᠠᠷ ᠰᠤᠷ  ᠢᠶᠠᠷ ᠬᠤᠯᠪᠤᠵᠤ ᠲᠡᠪᠰᠨ  ᠶᠢᠨ ᠲᠤᠤᠭᠤᠷ ᠲᠡᠭᠦᠵᠢᠯᠡᠳᠡᠭ᠃ ᠬᠦᠯᠢᠮ ᠤᠨ ᠲᠡᠭᠡᠷ᠎ᠡ ᠬᠦᠪᠡᠭᠡ ᠨᠢ ᠲᠡᠭᠰᠢᠬᠡᠨ᠂ ᠲᠤᠤᠷ᠎ᠠ ᠬᠦᠪᠡᠭᠡ ᠨᠢ ᠦᠯᠦ ᠮᠡᠳᠡᠭ ᠲᠦᠭᠦᠷᠢᠭ᠂ ᠲᠡᠭᠡᠷ᠎ᠡ ᠬᠦᠪᠡᠭᠡ  ᠶᠢ ᠨᠢ ᠨᠡᠶᠢᠯᠡᠭᠦᠯᠵᠦ ᠤᠶᠤᠭᠠᠳ ᠡᠮᠡᠭᠡᠯ  ᠤᠨ ᠲᠤᠤᠷ᠎ᠠ ᠲᠤᠬᠢᠶᠠᠳᠠᠭ᠃ ᠤᠯᠤᠩ ᠵᠢᠷᠢᠮ ᠤᠨ ᠤᠠᠠᠴᠤᠷᠭ᠎ᠠ ᠲᠠᠢ ᠠᠰᠠᠯᠠᠭᠤᠯᠵᠤ ᠨᠦᠬᠡ ᠦᠯᠡᠳᠡᠭᠡᠨ᠎ᠡ᠃ ᠲᠤᠬᠤᠮ ᠢ ᠬᠦᠯᠢᠮ  ᠤᠨ ᠲᠤᠤᠷ᠎ᠠ ᠲᠠᠪᠢᠰᠦᠨ᠎ᠡ᠃ ᠦᠬᠡᠷ ᠤᠨ ᠠᠷᠠᠰᠤᠨ ᠰᠤᠷ  ᠢ ᠬᠤᠶᠠᠷ ᠬᠤᠷᠤᠭᠤ ᠦᠷᠭᠡᠨ ᠵᠦᠰᠦᠭᠡᠳ ᠨᠤᠭᠤᠯᠤᠨ ᠲᠠᠪᠬᠤᠷᠯᠠᠵᠤ᠂ ᠨᠢᠭᠡ ᠦᠵᠦᠭᠦᠷ   ᠢ ᠲᠦᠷᠦᠭᠡ  ᠶᠢᠨ ᠰᠠᠨᠵᠢ  ᠪᠠᠷ ᠰᠢᠷᠭᠤᠭᠤᠯᠤᠨ ᠲᠠᠳᠠᠵᠤ ᠦᠵᠦᠭᠦᠷ ᠲᠤᠨᠢ ᠭᠤᠷᠬᠢ ᠪᠡᠯᠡᠳᠭᠡᠵᠦ᠂ ᠨᠦᠬᠦᠭᠡ ᠦᠵᠦᠭᠦᠷ  ᠢ ᠬᠠᠪᠳᠠᠭᠠᠯ  ᠤᠨ ᠨᠠᠷᠢᠨ ᠬᠦᠨᠳᠡᠯᠡᠨ ᠨᠦᠬᠡ  ᠪᠠᠷ ᠬᠡᠯᠬᠢᠵᠦ  ᠭᠤᠷᠬᠢ ᠠᠴᠠ ᠲᠡᠪᠡᠭᠡᠯᠡᠨ᠎ᠡ᠃ ᠤᠯᠤᠩ  ᠤᠨ ᠲᠡᠭᠡᠷ᠎ᠡ ᠦᠵᠦᠭᠦᠷ  ᠢ ᠡᠮᠡᠭᠡᠯ  ᠤᠨ ᠪᠤᠷᠤᠭᠤ ᠲᠠᠯ᠎ᠠ ᠶᠢᠨ ᠤᠠᠠᠴᠤᠷᠭᠠᠨ ᠨᠦᠬᠡᠨ ᠠᠴᠠ ᠤᠶᠠᠵᠤ᠂ ᠲᠤᠤᠷ᠎ᠠ ᠦᠵᠦᠭᠦᠷ ᠲᠤᠨᠢ  ᠭᠤᠷᠬᠢ ᠲᠤᠬᠢᠶᠠᠨ᠎ᠠ᠃ ᠵᠢᠷᠢᠮ ᠢ ᠡᠮᠡᠭᠡᠯ ᠤᠨ ᠵᠦᠪ ᠲᠠᠯ᠎ᠠ ᠶᠢᠨ ᠤᠠᠠᠴᠤᠷᠭᠠᠨ ᠨᠦᠬᠡᠨ  ᠠᠴᠠ ᠰᠤᠷ  ᠢᠶᠠᠷ ᠤᠶᠠᠨ᠎ᠠ᠃ ᠭᠠᠨᠵᠤᠭ᠎ᠠ ᠶᠢ ᠡᠮᠡᠭᠡᠯ ᠤᠨ ᠬᠠᠪᠳᠠᠭᠠᠯ  ᠤᠨ ᠨᠠᠢᠮᠠᠨ ᠨᠠᠷᠢᠨ ᠨᠦᠬᠡᠨ  ᠠᠴᠠ ᠲᠦᠷᠪᠡ ᠲᠦᠷᠪᠡ ᠬᠤᠯᠪᠤᠵᠤ᠂ ᠡᠭᠦᠨᠳᠦ ᠨᠠᠢᠮᠠᠨ ᠨᠠᠷᠢᠨ ᠭᠠᠨᠵᠤᠭ᠎ᠠ ᠶᠢ ᠬᠠᠪᠳᠠᠭᠠᠯ ᠪᠦᠷᠢ  ᠳᠤ ᠲᠦᠷᠪᠡ  ᠶᠢ ᠬᠤᠯᠪᠤᠵᠤ᠂ ᠵᠦᠪ ᠲᠠᠯ᠎ᠠ  ᠶᠢᠨ ᠠᠷᠤ ᠶᠢᠨ ᠬᠠᠪᠳᠠᠭᠠᠯ  ᠤᠨ ᠭᠠᠨᠵᠤᠭᠠᠨ  ᠳᠤ ᠰᠦᠷ ᠭᠤᠨ᠋ᠠᠴᠤᠭ᠎ᠠ ᠬᠢᠵᠦ᠂ ᠴᠢᠳᠦᠷ ᠭᠠᠨᠵᠤᠭᠠᠯᠠᠬᠤ ᠳᠤ ᠬᠡᠷᠡᠭᠯᠡᠨ᠎ᠡ᠃ ᠡᠮᠡᠭᠡᠯ ᠤᠨ ᠭᠠᠨᠵᠤᠭ᠎ᠠ ᠶᠢᠨ ᠨᠦᠬᠡᠨ  ᠳᠤ ᠰᠠᠭᠤᠯᠭᠠᠭᠰᠠᠨ ᠮᠦᠩᠬᠦ᠂ ᠭᠠᠤᠯᠢ᠂ ᠲᠡᠮᠦᠷ ᠢᠶᠠᠷ ᠬᠢᠭᠰᠡᠨ ᠪᠠᠭᠪᠠᠭ᠋ᠠᠢ ᠶᠢᠨ ᠬᠡᠯᠪᠡᠷᠢᠳᠤ ᠲᠦᠷᠪᠡᠨ ᠲᠠᠪᠠᠭᠠᠰᠤ  ᠶᠢ ᠡᠮᠡᠭᠡᠯ  ᠤᠨ ᠪᠠᠭᠠᠪᠤᠷ ᠭᠡᠨ᠎ᠡ᠃      ᠡᠮᠡᠭᠡᠯ ᠤᠨ ᠡᠳ᠋ᠯᠡᠯ᠄      ᠡᠮᠡᠭᠡᠯ ᠤᠨ ᠣᠭᠴᠣᠷᠭ᠎ᠠ ᠨᠢ ᠡᠮᠡᠭᠡᠯ  ᠤᠨ ᠤᠯᠤᠩ ᠪᠠ ᠵᠢᠷᠢᠮ  ᠢ ᠤᠶᠠᠵᠤ ᠭᠤᠬᠠᠳᠠᠬᠤ ᠪᠠᠬᠢᠯᠢᠭ᠌ ᠰᠣᠷ  ᠢᠶᠠᠷ ᠬᠢᠭᠰᠡᠨ ᠭᠤᠴᠤᠭ᠎ᠠ  ᠶᠢ ᠬᠡᠯᠡᠳᠡᠭ᠃      ᠲᠡᠭᠡᠯ ᠢ ᠵᠠᠷᠢᠮ ᠭᠠᠵᠠᠷ ᠲᠡᠪᠬᠡᠷᠭᠡ ᠭᠡᠵᠤ ᠴᠤ ᠬᠡᠯᠡᠳᠡᠭ᠃ ᠲᠠᠷᠨ ᠨᠢ ᠡᠮᠡᠭᠡᠯ  ᠤᠨ ᠲᠦᠷᠦᠭᠡᠨ ᠰᠤᠷ  ᠤᠨ ᠭᠤᠷᠬᠢ ᠶᠢ ᠲᠠᠷᠤᠬᠤ ᠳᠤ ᠵᠤᠷᠢᠭᠤᠯᠣᠭᠰᠠᠨ ᠲᠤᠭᠤᠷᠢᠭ ᠪᠤᠶᠤ ᠲᠦᠷᠪᠡᠯᠵᠢᠨ ᠬᠡᠯᠪᠡᠷᠢᠳᠠᠢ ᠪᠣᠯᠢᠭᠠᠷᠢ ᠠᠷᠠᠰᠤ  ᠶᠢ ᠬᠡᠯᠡᠨ᠎ᠠ᠃      ᠭᠠᠨᠵᠤᠭ᠎ᠠ ᠶᠢ ᠪᠠᠷᠢᠴᠠ ᠲᠠᠢ ᠪᠣᠶᠣ ᠤᠯᠭᠤᠢ ᠭᠡᠵᠣ ᠬᠤᠶᠠᠷ ᠬᠤᠪᠢᠶᠠᠬᠤ ᠴᠤ ᠪᠤᠢ᠃ ᠨᠠᠢᠮᠨ ᠪᠤᠶᠤ ᠭᠤᠴᠢᠨ ᠬᠤᠶᠠᠷ ᠭᠡᠵᠣ ᠠᠳᠠᠯᠢ ᠪᠤᠰᠤ  ᠳᠤ ᠬᠢᠳᠡᠭ᠃ ᠭᠠᠨᠵᠤᠭ᠎ᠠ  ᠶᠢᠨ ᠲᠣᠤᠷ᠎ᠠ ᠦᠵᠦᠬᠦᠷ  ᠢ ᠭᠠᠤᠯᠢ᠂ ᠮᠦᠩᠬᠦ   ᠪᠠᠷ ᠬᠤᠶᠠᠷ ᠮᠦᠷ ᠪᠠᠷᠢᠴᠠᠯᠠᠳᠠᠭ᠃      ᠲᠡᠭᠡᠯ ᠤᠨ ᠲᠠᠷᠤᠯᠭ᠎ᠠ ᠲᠤᠪᠤᠷᠣᠤ ᠶᠢ ᠲᠤᠮᠳᠠ ᠨᠢ ᠵᠢᠷᠭᠤᠭᠠᠨ ᠲᠠᠷᠤᠯᠭ᠎ᠠ᠂ ᠵᠢᠷᠠᠨ ᠵᠢᠵᠢᠭ ᠲᠤᠪᠤᠷᠣᠤ ᠲᠤᠬᠢᠷᠠᠭᠤᠯᠤᠨ᠎ᠠ᠃ ᠮᠦᠩᠬᠦ ᠪᠣᠶᠣ ᠴᠠᠭᠠᠨ ᠭᠠᠤᠯᠢ᠂ ᠰᠢᠷ᠎ᠠ ᠭᠠᠤᠯᠢ  ᠪᠠᠷ ᠬᠢᠳᠡᠭ᠃      ᠲᠦᠷᠦᠭᠡ ᠨᠢ ᠮᠣᠷᠢ ᠣᠨᠤᠭ᠎ᠠ  ᠳᠤ ᠮᠣᠷᠳᠠᠬᠤ  ᠳᠤ ᠬᠢᠰᠬᠢᠵᠣ ᠭᠠᠷᠬᠤ  ᠬᠡᠷᠡᠭᠯᠡᠯ ᠪᠤᠯᠤᠨ᠎ᠠ᠃ ᠮᠦᠩᠬᠦ᠂ ᠭᠠᠤᠯᠢ᠂ ᠲᠡᠮᠦᠷ ᠲᠦᠷᠦᠭᠡ ᠭᠡᠵᠤ ᠣᠯᠠᠨ ᠵᠦᠢᠯ  ᠤᠨ ᠪᠤᠢ᠃ ᠦᠪᠡᠷ ᠦᠪᠡᠷ  ᠤᠨ ᠬᠢᠷᠢ ᠴᠢᠳᠠᠯ  ᠢᠶᠠᠨ ᠦᠵᠡᠵᠣ ᠬᠢᠳᠡᠭ᠃ ᠲᠦᠷᠦᠭᠡ  ᠳᠤ ᠰᠡᠨᠵᠢ᠂ ᠬᠠᠴᠠᠷ᠂ ᠬᠡᠪᠡᠯᠢ ᠭᠡᠵᠤ ᠪᠠᠶᠢᠳᠠᠭ᠃      ᠲᠦᠷᠦᠬᠡᠨ ᠰᠤᠷ ᠨᠢ ᠡᠮᠡᠭᠡᠯ ᠲᠦᠷᠦᠭᠡ  ᠶᠢ ᠬᠤᠯᠪᠣᠭᠰᠠᠨ ᠰᠤᠷ  ᠢ ᠬᠡᠯᠡᠳᠡᠭ᠃ ᠦᠵᠦᠬᠦᠷ ᠲᠤᠨᠢ ᠭᠤᠷᠬᠢᠳᠤ ᠭᠠᠷᠬ᠎ᠠ ᠬᠢᠳᠡᠭ᠃      ᠣᠯᠣᠩ ᠨᠢ ᠡᠮᠡᠭᠡᠯ ᠲᠤᠬᠤᠬᠤ  ᠳᠤ ᠮᠤᠷᠢᠨ  ᠤ ᠬᠡᠳᠡᠰᠣᠨ ᠲᠣᠤᠭᠤᠷ ᠪᠦᠰᠡᠯᠡᠭᠦᠯᠦᠨ ᠲᠠᠳᠠᠬᠤ  ᠳᠤ ᠵᠤᠷᠢᠭᠤᠯᠤᠭᠰᠠᠨ ᠬᠦᠷᠦᠮᠡᠯ ᠰᠤᠷ ᠪᠣᠶᠣ ᠬᠢᠯᠭᠠᠰᠤ  ᠶᠢ ᠬᠡᠯᠡᠨ᠎ᠠ᠃ ᠨᠢᠬᠡ ᠡᠮᠡᠭᠡᠯ  ᠳᠤ ᠡᠮᠦᠨ᠎ᠠ ᠬᠤᠶᠢᠨ᠎ᠠ ᠬᠤᠶᠠᠷ ᠤᠯᠤᠩ ᠪᠤᠢ᠃      ᠵᠢᠷᠢᠮ ᠨᠢ ᠣᠯᠣᠩ ᠤᠨ ᠭᠤᠷᠬᠢ  ᠶᠢ ᠲᠤᠷᠭᠤᠬᠤ ᠬᠠᠪᠳᠠᠭᠠᠢ ᠰᠤᠷ ᠪᠤᠶᠤ ᠬᠦᠷᠦᠮᠡᠯ ᠰᠤᠷ  ᠢ ᠬᠡᠯᠡᠳᠡᠭ᠃      ᠬᠦᠯᠢᠮ ᠨᠢ ᠡᠮᠡᠭᠡᠯ ᠤᠨ ᠮᠣᠳᠤ᠂ ᠲᠤᠬᠤᠮ ᠬᠤᠶᠠᠷ ᠤᠨ ᠲᠤᠮᠳᠠ ᠵᠢᠬᠢᠷᠢᠭᠯᠡᠨ ᠬᠠᠪᠴᠢᠭᠤᠯᠬᠤ ᠤᠷᠳᠤᠯᠵᠢᠨ ᠬᠡᠷᠡᠭᠰᠡᠯ᠃ ᠬᠦᠯᠢᠮ ᠤᠨ ᠲᠣᠤᠷ᠎ᠠ ᠬᠦᠪᠡᠭᠡ ᠨᠢ ᠵᠢᠭᠠᠬᠠᠨ ᠲᠤᠭᠤᠷᠢᠭ ᠬᠡᠯᠪᠡᠷᠢ ᠲᠠᠢ᠃ ᠪᠤᠯᠢᠭᠠᠷᠢ᠂ ᠬᠡᠪᠢᠰ᠂ ᠤᠯᠭᠤᠢ ᠬᠦᠯᠢᠮ ᠬᠡᠵᠣ ᠪᠣᠢ᠃      ᠲᠣᠬᠤᠮ ᠨᠢ ᠬᠦᠯᠢᠮ  ᠤᠨ ᠲᠣᠤᠷ᠎ᠠ ᠮᠤᠷᠢᠨ  ᠤ ᠨᠢᠷᠤᠭᠤ  ᠶᠢ ᠨᠤᠬᠤᠬᠤ ᠦᠬᠡᠢ  ᠶᠢᠨ ᠲᠣᠰᠠᠳᠠ ᠲᠤᠬᠢᠷᠠᠭᠤᠯᠣᠭᠰᠠᠨ ᠬᠡᠷᠡᠭᠯᠡᠯ᠃ ᠲᠤᠬᠤᠮ  ᠢ ᠶᠡᠷᠣ  ᠳᠡᠭᠡᠨ ᠣᠩᠭᠠᠰᠤ  ᠪᠠᠷ ᠵᠤᠵᠠᠭᠠᠯᠢᠭ ᠬᠢᠵᠣ᠂ ᠬᠦᠬᠡ ᠣᠯᠠᠭᠠᠨ ᠪᠦᠰ ᠦᠬᠡᠳᠡᠩ᠂ ᠲᠠᠯᠢᠩ ᠵᠡᠷᠬᠡ  ᠪᠠᠷ ᠭᠠᠳᠠᠷᠯᠠᠬᠤ ᠪᠣᠶᠣ ᠬᠦᠪᠡᠭᠡᠯᠡᠨ᠎ᠡ᠃      ᠰᠠᠴᠤᠭ ᠬᠡᠳᠡᠭ ᠨᠢ ᠡᠮᠡᠭᠡᠯ  ᠤᠨ ᠣᠭᠴᠤᠷᠭ᠎ᠠ ᠠᠴᠠ ᠲᠤᠷᠤᠭᠰᠢ ᠤᠯᠤᠩ ᠵᠢᠷᠢᠮ ᠢ ᠲᠠᠭᠠᠵᠣ ᠨᠠᠷᠢᠨ ᠰᠤᠷ  ᠢᠶᠠᠷ ᠬᠢᠵᠣ᠂ ᠬᠦᠯᠢᠮ ᠤᠨ ᠲᠣᠤᠷ᠎ᠠ ᠢᠷᠮᠡᠭ ᠲᠠᠢ ᠰᠠᠴᠠᠭᠤ ᠵᠠᠩᠬᠢᠶ᠎ᠠ ᠵᠠᠩᠬᠢᠳᠤᠭᠰᠠᠨ  ᠢ ᠰᠠᠴᠤᠭ  ᠢ ᠬᠡᠯᠡᠨ᠎ᠠ᠃      ᠬᠡᠢ ᠭᠠᠨᠵᠤᠭ᠎ᠠ ᠨᠢ ᠡᠮᠡᠭᠡᠯ  ᠤᠨ ᠭᠠᠨᠵᠤᠭ᠎ᠠ  ᠶᠢᠨ ᠭᠠᠷᠬ᠎ᠠ  ᠠᠴᠠ ᠡᠮᠦᠨ᠎ᠡ ᠬᠤᠶᠢᠨ᠎ᠠ᠂ ᠵᠦᠪ ᠪᠣᠷᠣᠭᠤ ᠲᠠᠯ᠎ᠠ ᠳᠤᠨᠢ ᠠᠴᠢᠶᠠᠯᠠᠭᠰᠠᠨ ᠶᠠᠭᠤᠮ᠎ᠠ  ᠶᠢ ᠲᠠᠷᠣᠵᠣ ᠣᠶᠠᠬᠤ ᠲᠦᠷᠪᠡᠨ ᠭᠠᠨᠵᠤᠭ᠎ᠠ  ᠶᠢ ᠬᠡᠯᠡᠨ᠎ᠠ᠃      ᠬᠦᠮᠦᠯᠳᠦᠷᠬᠡ ᠨᠢ ᠡᠮᠡᠭᠡᠯ  ᠢ ᠬᠤᠶᠢᠰᠢ ᠶᠠᠪᠣᠭᠤᠯᠬᠤ ᠦᠬᠡᠢ  ᠶᠢᠨ ᠲᠤᠰᠠᠳᠠ ᠡᠮᠡᠭᠡᠯ  ᠤᠨ ᠡᠮᠦᠨ᠎ᠠ ᠬᠠᠪᠳᠠᠭᠠᠯ ᠠᠴᠠ ᠬᠤᠯᠪᠤᠵᠤ ᠮᠤᠷᠢᠨ ᠤᠮᠤᠷᠣᠤ  ᠪᠠᠷ ᠣᠶᠠᠬᠤ ᠤᠭᠤᠰᠤᠷ ᠪᠣᠯᠣᠨ᠎ᠠ᠃ ᠵᠠᠷᠢᠮ ᠨᠢ ᠣᠮᠣᠷᠣᠤ  ᠶᠢᠨ ᠲᠣᠤᠷ᠎ᠠ ᠤᠯᠠᠭᠠᠨ ᠵᠠᠯᠠᠭ᠎ᠠ ᠲᠤᠬᠢᠷᠠᠭᠤᠯᠣᠨ ᠬᠤᠶᠠᠷ ᠲᠠᠯ᠎ᠠ ᠲᠡᠭᠡᠷ᠎ᠡ ᠨᠢ ᠮᠦᠩᠬᠦᠨ ᠲᠠᠷᠤᠯᠭ᠎ᠠ ᠬᠢᠵᠣ ᠬᠦᠮᠦᠯᠳᠦᠷᠬᠡ  ᠪᠠᠨ ᠮᠦᠩᠭᠦ  ᠪᠠᠷ ᠪᠠᠷᠢᠴᠠᠯᠠᠵᠣ ᠵᠠᠯᠠᠭ᠎ᠠ ᠵᠠᠩᠬᠢᠶ᠎ᠠ ᠵᠠᠰᠠᠯ ᠴᠢᠮᠡᠭᠯᠡᠯ ᠲᠠᠭᠠᠷᠠᠭᠤᠯᠳᠠᠭ ᠶᠤᠮ᠃      ᠬᠤᠳᠠᠷᠭ᠎ᠠ ᠨᠢ ᠡᠮᠡᠭᠡᠯ  ᠢ ᠬᠤᠶᠢᠰᠢ ᠶᠠᠪᠤᠭᠤᠯᠬᠤ ᠦᠬᠡᠢ  ᠶᠢᠨ ᠲᠤᠰᠠᠳᠠ ᠡᠮᠡᠭᠡᠯ  ᠤᠨ ᠬᠤᠶᠢᠳᠤ ᠬᠠᠪᠳᠠᠭᠠᠯ  ᠠᠴᠠ ᠲᠠᠳᠠᠭᠰᠠᠨ ᠬᠤᠯᠪᠤᠭᠠᠰᠤ᠃ ᠬᠤᠳᠠᠷᠭ᠎ᠠ  ᠶᠢᠨ ᠭᠤᠤᠯ  ᠢ ᠰᠤᠷ  ᠢᠶᠠᠷ ᠬᠢᠵᠣ᠂ ᠮᠦᠩᠬᠦᠨ ᠪᠠᠷᠢᠴᠠ ᠪᠠᠷ ᠤᠷᠢᠶᠠᠵᠣ᠂ ᠦᠩᠬᠡᠨ ᠲᠠᠯ᠎ᠠ ᠳᠤᠨᠢ ᠲᠤᠪᠤᠷᠣᠤ ᠲᠠᠢ᠃ ᠣᠭᠤᠴᠠᠨ ᠲᠡᠭᠡᠷ᠎ᠡ ᠨᠢ ᠲᠣᠮᠣ ᠲᠠᠷᠣᠯᠭ᠎ᠠ ᠲᠠᠢ ᠣᠯᠠᠭᠠᠨ ᠵᠠᠯᠠᠭ᠎ᠠ ᠲᠣᠬᠢᠷᠠᠭᠤᠯᠵᠣ᠂ ᠬᠤᠶᠠᠷ ᠲᠠᠰᠢᠶᠠᠨ ᠳᠤᠨᠢ ᠲᠠᠷᠣᠯᠭ᠎ᠠ ᠪᠠ ᠦᠩᠬᠡ ᠪᠦᠷᠢ ᠶᠢᠨ ᠲᠤᠷᠭᠠᠨ ᠰᠠᠴᠤᠭ ᠲᠤᠬᠢᠷᠠᠭᠤᠯᠣᠨ ᠮᠣᠷᠢᠨ ᠰᠡᠬᠦᠯ ᠢ ᠬᠤᠳᠠᠷᠭᠠᠯᠠᠨ᠎ᠠ᠃   ᠵᠤᠬᠢᠶᠠᠭᠴᠢ᠄ ᠨᠠ᠊ · ᠵᠢᠷᠭᠠᠯ   ᠨᠠᠶᠢᠷᠠᠭᠤᠯᠣᠭᠴᠢ᠄ ᠡ᠊ · ᠰᠠᠷᠠᠭᠤᠯ
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号