ᠬᠠᠵᠠᠭᠠᠷ
ᠨᠡᠶᠢᠲᠡᠯᠡᠭᠰᠡᠨ ᠴᠠᠭ᠄
2015/11/27
     ᠬᠠᠵᠠᠭᠠᠷ  ᠢ ᠮᠤᠷᠢ ᠤᠨᠤᠬᠤ  ᠳᠤ ᠬᠡᠷᠡᠭᠯᠡᠵᠦ᠂ ᠬᠠᠵᠠᠭᠠᠷ  ᠤᠨ ᠲᠤᠯᠤᠭᠠᠢ  ᠶᠢᠨ ᠰᠤᠷ  ᠢ ᠮᠦᠡᠭᠭᠦᠨ ᠪᠦᠯᠠᠵᠡᠭ  ᠢᠶᠠᠷ ᠬᠠᠪᠴᠢᠵᠦ᠂ ᠵᠢᠯᠤᠭᠤ ᠰᠠᠭᠠᠯᠳᠤᠷᠭ᠎ᠠ  ᠶᠢᠨ ᠴᠠᠭᠠᠷᠢᠭ  ᠢ ᠮᠦᠡᠭᠭᠦ  ᠪᠠᠷ ᠬᠢᠳᠡᠭ᠃ ᠡᠭᠦᠨ  ᠢ ᠮᠦᠡᠭᠭᠦᠨ ᠬᠠᠵᠠᠭᠠᠷ ᠭᠡᠨ᠎ᠡ᠃ ᠬᠡᠷᠪᠡ ᠴᠠᠭᠠᠨ ᠭᠠᠤᠯᠢ  ᠪᠠᠷ ᠬᠢᠭᠰᠡᠨ ᠪᠤᠯ ᠭᠠᠤᠯᠢᠨ ᠬᠠᠵᠠᠭᠠᠷ ᠭᠡᠨ᠎ᠡ᠃ ᠮᠦᠡᠭᠭᠦ᠂ ᠭᠠᠤᠯᠢ  ᠶᠢᠨ ᠠᠯᠢᠨ  ᠢᠶᠠᠷ ᠴᠤ ᠴᠢᠮᠡᠭᠰᠡᠨ ᠦᠭᠡᠢ ᠪᠤᠯ ᠰᠤᠷ ᠬᠠᠵᠠᠭᠠᠷ ᠭᠡᠨ᠎ᠡ᠃ ᠬᠠᠵᠠᠭᠠᠷ ᠨᠢ ᠲᠤᠯᠤᠭᠠᠢ᠂ ᠠᠮᠠᠭᠠᠢ᠂ ᠬᠠᠮᠠᠷ᠂ ᠭᠤᠭᠴᠤᠭ᠎ᠠ᠂ ᠰᠠᠭᠠᠯᠳᠤᠷᠭ᠎ᠠ᠂ ᠰᠠᠪᠬ᠎ᠠ᠂ ᠵᠣᠤᠵᠠᠢ᠂ ᠵᠢᠯᠤᠭᠤ ᠵᠡᠷᠬᠡ  ᠪᠠᠷ ᠪᠦᠷᠢᠯᠳᠦᠨ᠎ᠠ᠃      ᠬᠠᠵᠠᠭᠠᠷ ᠤᠨ ᠲᠤᠯᠤᠭᠠᠢ ᠶᠢᠨ ᠬᠠᠮᠤᠭ ᠲᠡᠭᠡᠳᠤ ᠬᠡᠰᠡᠭ  ᠢ ᠬᠠᠵᠠᠭᠠᠷ ᠤᠨ ᠰᠢᠯᠢ ᠭᠡᠨ᠎ᠠ᠃      ᠮᠣᠷᠢᠨ ᠲᠣᠯᠣᠭᠠᠢ ᠶᠢᠨ ᠬᠤᠶᠠᠷ  ᠰᠠᠨᠴᠢᠭ ᠲᠠᠭᠠᠣ ᠵᠣᠤᠵᠠᠢ ᠠᠴᠠ ᠬᠤᠯᠪᠣᠭᠰᠠᠨ ᠬᠡᠰᠡᠭ  ᠢ ᠬᠠᠵᠠᠭᠠᠷ ᠤᠨ ᠬᠠᠴᠠᠷ ᠬᠡᠨ᠎ᠠ᠃      ᠨᠠᠷᠢᠨ ᠰᠤᠷ ᠢᠶᠠᠷ ᠦᠯᠵᠡᠢ ᠵᠠᠩᠬᠢᠶ᠎ᠠ ᠵᠠᠩᠬᠢᠳᠴᠤ᠂ ᠲᠡᠭᠡᠷ᠎ᠡ ᠨᠢ ᠤᠯᠠᠭᠠᠨ ᠰᠠᠴᠤᠭ ᠲᠠᠭᠠᠷᠠᠭᠤᠯᠣᠨ ᠮᠣᠷᠢᠨ ᠴᠢᠬᠢᠨ ᠤ ᠣᠭ᠂ ᠨᠢᠳᠤᠨ ᠤ ᠲᠡᠭᠡᠭᠦᠷ ᠬᠤᠶᠠᠷ ᠬᠠᠴᠠᠷ ᠢ ᠬᠤᠯᠪᠣᠭᠰᠠᠨ ᠬᠡᠰᠡᠭ  ᠢ ᠬᠠᠵᠠᠭᠠᠷ  ᠤᠨ ᠮᠠᠩᠨᠠᠶᠢᠪᠴᠢ ᠭᠡᠨ᠎ᠠ᠃      ᠮᠤᠷᠢᠨ ᠤ ᠬᠠᠮᠠᠷ ᠲᠡᠭᠡᠭᠦᠷ᠂ ᠵᠣᠤᠵᠠᠢ ᠶᠢᠨ ᠰᠠᠪᠬ᠎ᠠ ᠠᠴᠠ ᠬᠤᠯᠪᠣᠭᠰᠠᠨ ᠬᠡᠰᠡᠭ  ᠢ ᠬᠠᠵᠠᠭᠠᠷ  ᠤᠨ ᠬᠠᠮᠠᠷ ᠭᠡᠨ᠎ᠠ᠃      ᠮᠤᠷᠢᠨ ᠤ ᠠᠮᠠᠨ ᠳᠤ ᠡᠮᠬᠦᠬᠦᠯᠬᠦ ᠬᠦᠨᠳᠡᠯᠡᠨ ᠬᠤᠯᠪᠤᠭ᠎ᠠ ᠲᠡᠮᠦᠷ ᠢ ᠬᠠᠵᠠᠭᠠᠷ ᠤᠨ ᠠᠮᠠᠭᠠᠶᠢᠪᠴᠢ ᠬᠡᠨ᠎ᠠ᠃      ᠮᠠᠩᠨᠠᠶᠢᠪᠴᠢ ᠶᠢ ᠬᠤᠯᠪᠣᠵᠣ ᠪᠠᠶᠢᠬᠤ ᠬᠤᠶᠠᠷ ᠭᠠᠷᠬ᠎ᠠ ᠶᠢ ᠬᠠᠵᠠᠭᠠᠷ ᠤᠨ ᠵᠣᠤᠵᠠᠢ ᠬᠡᠨ᠎ᠠ᠃ ᠮᠦᠩᠬᠦᠨ ᠵᠣᠤᠵᠠᠢ᠂ ᠭᠠᠤᠯᠢᠨ ᠵᠣᠤᠵᠠᠢ᠂ ᠲᠡᠮᠦᠷ ᠵᠣᠤᠵᠠᠢ ᠬᠡᠵᠣ ᠪᠤᠢ᠃      ᠬᠠᠵᠠᠭᠠᠷ ᠤᠨ ᠵᠣᠤᠵᠠᠢ ᠠᠴᠠ ᠵᠢᠯᠣᠭᠤ ᠲᠠᠢ ᠬᠤᠯᠪᠣᠬᠤ ᠭᠤᠭᠴᠤᠭ᠎ᠠ ᠰᠤᠷ ᠢ ᠬᠠᠵᠠᠭᠠᠷ ᠤᠨ ᠰᠠᠪᠬ᠎ᠠ ᠬᠡᠵᠤ ᠬᠡᠯᠡᠨ᠎ᠠ᠃      ᠬᠠᠵᠠᠭᠠᠷ ᠤᠨ ᠪᠣᠷᠣᠭᠤ ᠲᠠᠯ᠎ᠠ ᠶᠢᠨ ᠬᠠᠴᠠᠷ ᠠᠴᠠ ᠵᠠᠯᠭᠠᠵᠣ ᠠᠪᠣᠭᠰᠠᠨ ᠰᠤᠷ ᠢ ᠰᠠᠭᠠᠯᠳᠤᠷᠭ᠎ᠠ ᠭᠡᠳᠡᠭ᠃      ᠬᠠᠵᠠᠭᠠᠷ ᠤᠨ ᠵᠦᠪ ᠲᠠᠯ᠎ᠠ ᠳᠤ ᠰᠠᠭᠠᠯᠳᠣᠷᠭ᠎ᠠ ᠶᠢ ᠣᠶᠠᠬᠤ ᠪᠣᠶᠣ ᠲᠡᠪᠡᠭᠡᠯᠡᠬᠦ ᠳᠤ ᠵᠤᠷᠢᠭᠤᠯᠣᠭᠰᠠᠨ ᠭᠤᠭᠴᠤᠭ᠎ᠠ ᠶᠢ ᠰᠠᠭᠠᠯᠳᠤᠷᠭ᠎ᠠ  ᠶᠢᠨ ᠭᠤᠭᠴᠤᠭ᠎ᠠ ᠬᠡᠨ᠎ᠠ᠃      ᠵᠢᠯᠣᠭᠤ ᠶᠢ ᠰᠤᠷ ᠪᠤᠶᠤ ᠲᠡᠮᠡᠭᠡᠨ ᠨᠣᠤᠰᠤ᠂ ᠬᠤᠨᠢᠨ ᠨᠣᠤᠰᠤ ᠪᠠᠷ ᠬᠦᠷᠦᠵᠣ ᠬᠢᠨ᠎ᠠ᠃ ᠪᠠᠰᠠ ᠮᠢᠨᠳᠠᠰᠤᠨ ᠵᠢᠯᠣᠭᠤ᠂ ᠬᠦᠷᠦᠮᠡᠯ ᠵᠢᠯᠣᠭᠤ᠂ ᠰᠠᠪᠬ᠎ᠠ ᠲᠠᠢ ᠵᠢᠯᠣᠭᠤ ᠬᠡᠵᠣ ᠤᠯᠠᠨ ᠵᠦᠢᠯ ᠪᠤᠢ᠃   ᠵᠤᠬᠢᠶᠠᠭᠴᠢ᠄ ᠨᠠ᠊ · ᠵᠢᠷᠭᠠᠯ   ᠨᠠᠶᠢᠷᠠᠭᠤᠯᠣᠭᠴᠢ᠄ ᠡ᠊ · ᠰᠠᠷᠠᠭᠤᠯ
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号