ᠨᠤᠠᠠᠳᠤ ᠶᠢ ᠮᠤᠷᠢ ᠬᠦᠳᠦᠯᠬᠦ᠂ ᠪᠠᠷᠢᠵᠦ ᠤᠶᠠᠬᠤ ᠪᠤᠶᠤ ᠡᠮᠨᠢᠭ ᠰᠤᠷᠭᠠᠬᠤ ᠳᠤ ᠬᠡᠷᠡᠭᠯᠡᠨ᠎ᠡ᠃ ᠨᠤᠠᠠᠳᠤ ᠶᠢ | ᠦᠬᠡᠷ ᠤᠨ ᠰᠤᠷ ᠢᠶᠠᠷ ᠬᠢᠳᠡᠭ᠃ ᠨᠤᠠᠠᠳᠤ ᠨᠢ ᠲᠤᠯᠤᠭᠠᠢ ᠶᠢᠨ ᠬᠡᠰᠡᠭ᠂ ᠰᠠᠭᠠᠯᠳᠤᠷᠭ᠎ᠠ᠂ ᠴᠤᠯᠪᠤᠭᠤᠷ ᠵᠡᠷᠭᠡ ᠪᠠᠷ | ᠪᠦᠷᠢᠯᠳᠦᠨ᠎ᠡ᠃ ᠮᠤᠷᠢᠨ ᠤ ᠪᠠᠨ ᠪᠡᠶ᠎ᠡ ᠪᠢᠯᠳᠡᠷ᠂ ᠠᠭᠠᠰᠢ ᠵᠠᠩ ᠢᠶᠠᠷ ᠨᠢ ᠨᠤᠠᠠᠳᠤ ᠪᠠᠨ ᠲᠤᠬᠢᠷᠠᠭᠤᠯᠳᠠᠭ᠃ | ᠨᠤᠭᠳᠤ ᠶᠢ ᠵᠠᠩᠬᠢᠳᠤᠮᠠᠯ ᠨᠤᠭᠳᠤ᠂ ᠰᠦᠯᠵᠢᠮᠡᠯ ᠨᠤᠭᠳᠤ᠂ ᠭᠠᠷᠬ᠎ᠠ ᠲᠠᠢ ᠨᠤᠭᠳᠤ᠂ ᠡᠷᠬᠢᠬᠦᠯᠬᠡ ᠲᠠᠢ | ᠨᠣᠭᠳᠤ ᠵᠡᠷᠬᠡ ᠣᠯᠠᠨ ᠵᠦᠢᠯ ᠢᠶᠠᠷ ᠬᠢᠳᠡᠭ᠃ ᠪᠠᠰᠠ ᠤᠨᠠᠭ᠎ᠠ ᠶᠢᠨ ᠨᠣᠭᠳᠤ᠂ ᠲᠠᠭ᠎ᠠ ᠶᠢᠨ ᠨᠤᠭᠳᠤ᠂ ᠡᠮᠨᠢᠭ | ᠤᠨ ᠨᠤᠭᠳᠤ᠂ ᠨᠤᠮᠤᠬᠠᠨ ᠮᠣᠷᠢᠨ ᠤ ᠨᠤᠭᠳᠤ ᠭᠡᠵᠣ ᠪᠣᠢ᠃ | ᠪᠡᠯᠡᠭ ᠲᠤ ᠬᠦᠷᠬᠡᠬᠦ ᠮᠤᠷᠢᠨ ᠤ ᠨᠤᠭᠳᠤ ᠶᠢ ᠤᠯᠠᠭᠠᠨ ᠲᠤᠷᠭ᠎ᠠ ᠪᠠᠷ ᠤᠷᠢᠶᠠᠨ ᠵᠠᠩᠬᠢᠳᠤᠨ᠎ᠠ᠃ | ᠨᠣᠭᠳᠤ ᠶᠢᠨ ᠲᠤᠯᠤᠭᠠᠢ ᠶᠢᠨ ᠬᠠᠮᠤᠭ ᠲᠡᠭᠡᠷ᠎ᠡ ᠲᠠᠯ᠎ᠠ ᠳᠤ ᠮᠤᠷᠢᠨ ᠲᠤᠬᠤᠨ ᠲᠡᠭᠡᠷ᠎ᠡ ᠲᠠᠭᠠᠷᠠᠭᠤᠯᠤᠭᠰᠠᠨ ᠬᠡᠰᠡᠭ | ᠢ ᠨᠣᠭᠳᠤ ᠶᠢᠨ ᠲᠣᠯᠣᠭᠠᠢ ᠶᠢᠨ ᠰᠢᠯᠢ ᠭᠡᠨ᠎ᠡ᠃ | ᠨᠠᠷᠢᠨ ᠵᠦᠰᠦᠮᠡᠯ ᠰᠤᠷ ᠢᠶᠠᠷ ᠵᠠᠩᠬᠢᠶ᠎ᠠ ᠵᠠᠩᠬᠢᠳᠴᠤ ᠨᠠᠷᠢᠨ ᠰᠤᠷ ᠢᠶᠠᠷ ᠰᠠᠴᠤᠭ ᠭᠠᠷᠭᠠᠨ ᠬᠠᠮᠠᠷ ᠤᠷᠤᠭᠤ | ᠨᠢ ᠪᠠᠭᠤᠯᠭᠠᠵᠣ ᠮᠤᠷᠢᠨ ᠨᠣᠭᠳᠤ ᠶᠢᠨ ᠬᠤᠶᠠᠷ ᠰᠠᠨᠴᠢᠭ ᠢ ᠬᠤᠯᠪᠣᠭᠰᠠᠨ ᠬᠡᠰᠡᠭ ᠢ ᠨᠣᠭᠳᠤ ᠶᠢᠨ ᠮᠠᠩᠨᠠᠶᠢᠪᠴᠢ | ᠬᠡᠨ᠎ᠡ᠃ | ᠮᠣᠷᠢᠨ ᠨᠣᠭᠳᠤ ᠶᠢᠨ ᠰᠠᠨᠴᠢᠭ ᠲᠠᠭᠠᠤ ᠪᠠᠭᠤᠯᠭᠠᠨ ᠡᠷᠡᠤᠪᠴᠢ ᠲᠠᠢ ᠨᠢ ᠬᠤᠯᠪᠣᠭᠰᠠᠨ ᠬᠡᠰᠡᠭ ᠢ ᠨᠣᠭᠳᠤ | ᠶᠢᠨ ᠬᠠᠴᠠᠷ ᠭᠡᠨ᠎ᠠ᠃ | ᠨᠣᠭᠳᠤ ᠶᠢᠨ ᠡᠷᠡᠣᠪᠴᠢ ᠠᠴᠠ ᠬᠤᠯᠪᠣᠭᠰᠠᠨ ᠬᠠᠮᠠᠷ ᠲᠡᠭᠡᠭᠦᠷ ᠨᠤᠭᠳᠤᠯᠬᠤ ᠬᠡᠰᠡᠭ ᠢ ᠨᠣᠭᠳᠤ ᠶᠢᠨ ᠬᠠᠮᠠᠷ | ᠬᠡᠨ᠎ᠡ᠃ | ᠨᠣᠭᠳᠤ ᠶᠢᠨ ᠪᠣᠷᠣᠭᠤ ᠲᠠᠯ᠎ᠠ ᠶᠢᠨ ᠬᠠᠴᠠᠷ ᠲᠤ ᠲᠤᠬᠢᠶᠠᠭᠰᠠᠨ ᠨᠤᠭᠳᠤ ᠶᠢ ᠶᠡᠬᠡᠰᠬᠡᠵᠣ ᠪᠠᠭᠠᠰᠬᠠᠬᠤ ᠳᠤ | ᠬᠡᠷᠡᠭᠯᠡᠬᠦ ᠵᠠᠩᠬᠢᠶᠠᠳᠠᠰᠤ ᠶᠢ ᠨᠣᠭᠳᠤ ᠶᠢᠨ ᠰᠠᠭᠠᠯᠳᠠ ᠬᠡᠨ᠎ᠠ᠃ | ᠨᠣᠭᠳᠤ ᠮᠤᠯᠳᠤᠷᠬᠤ ᠠᠴᠠ ᠪᠤᠯᠭᠤᠮᠵᠢᠯᠠᠨ ᠪᠣᠷᠣᠭᠤ ᠲᠠᠯ᠎ᠠ ᠶᠢᠨ ᠬᠠᠴᠠᠷ ᠠᠴᠠ ᠵᠠᠩᠬᠢᠳᠣᠨ ᠠᠪᠣᠭᠰᠠᠨ ᠰᠤᠷ | ᠢ ᠨᠤᠭᠳᠤ ᠶᠢᠨ ᠰᠠᠭᠠᠯᠳᠤᠷᠭ᠎ᠠ ᠭᠡᠳᠡᠭ᠃ | ᠨᠤᠭᠳᠤ ᠶᠢᠨ ᠵᠦᠪ ᠲᠠᠯ᠎ᠠ ᠶᠢᠨ ᠬᠠᠴᠠᠷ ᠲᠤ ᠭᠠᠷᠭᠠᠭᠰᠠᠨ ᠰᠠᠭᠠᠯᠳᠤᠷᠭ᠎ᠠ ᠣᠶᠠᠬᠤ ᠪᠤᠶᠤ ᠪᠢᠳᠡᠭᠦᠦ | ᠭᠤᠭᠴᠤᠭ᠎ᠠ ᠶᠢ ᠨᠣᠭᠳᠤ ᠶᠢᠨ ᠰᠠᠭᠠᠯᠳᠤᠷᠭ᠎ᠠ ᠶᠢᠨ ᠭᠤᠭᠴᠤᠭ᠎ᠠ ᠭᠡᠨ᠎ᠠ᠃ | ᠨᠣᠭᠳᠤ ᠮᠣᠯᠳᠤᠷᠬᠤ ᠠᠴᠠ ᠪᠤᠯᠭᠤᠮᠵᠢᠯᠠᠨ ᠪᠣᠷᠣᠭᠤ ᠲᠠᠯ᠎ᠠ ᠶᠢᠨ ᠬᠠᠴᠠᠷ ᠠᠴᠠ ᠵᠠᠩᠬᠢᠳᠣᠨ ᠠᠪᠤᠭᠰᠠᠨ ᠰᠤᠷ | ᠢ ᠰᠠᠭᠠᠯᠳᠤᠷᠭ᠎ᠠ ᠬᠡᠨ᠎ᠠ᠃ | ᠨᠤᠭᠳᠤ ᠶᠢᠨ ᠡᠷᠡᠤᠪᠴᠢ ᠨᠢ ᠭᠦᠶᠦᠬᠡ ᠡᠷᠡᠤᠪᠴᠢ ᠪᠠ ᠪᠢᠳᠡᠬᠦᠦ ᠡᠷᠡᠤᠪᠴᠢ ᠭᠡᠵᠣ ᠬᠤᠶᠠᠷ ᠵᠦᠢᠯ ᠪᠤᠢ᠃ | ᠬᠦᠶᠦᠬᠡ ᠡᠷᠡᠣᠪᠴᠢ ᠪᠤᠯ ᠬᠤᠶᠠᠷ ᠭᠠᠷᠬ᠎ᠠ ᠲᠣᠬᠢᠷᠠᠭᠤᠯᠵᠣ᠂ ᠶᠡᠬᠡᠰᠬᠡᠵᠣ ᠪᠠᠭᠠᠰᠬᠠᠵᠣ ᠪᠣᠯᠳᠠᠭ᠃ ᠪᠢᠳᠡᠬᠦᠦ | ᠡᠷᠡᠣᠪᠴᠢ ᠪᠣᠯ ᠨᠢᠬᠡ ᠭᠠᠷᠬ᠎ᠠ ᠲᠤᠬᠢᠶᠠᠵᠣ ᠶᠡᠬᠡᠰᠬᠡᠵᠣ ᠪᠠᠭᠠᠰᠬᠠᠵᠣ ᠪᠣᠯᠬᠤ ᠦᠬᠡᠢ᠃ | ᠨᠤᠭᠳᠤ ᠶᠢᠨ ᠲᠣᠯᠣᠭᠠᠢ ᠶᠢᠨ ᠡᠷᠡᠤᠪᠴᠢ ᠠᠴᠠ ᠵᠠᠯᠭᠠᠵᠣ ᠠᠪᠤᠭᠰᠠᠨ ᠮᠤᠷᠢ ᠪᠠᠨ ᠣᠶᠠᠬᠤ ᠪᠠ ᠬᠦᠳᠦᠯᠬᠦ | ᠳᠤ ᠵᠤᠷᠢᠭᠤᠯᠣᠭᠰᠠᠨ ᠲᠡᠷᠡᠬᠦ ᠬᠡᠰᠡᠭ ᠰᠤᠷ ᠪᠤᠶᠤ ᠬᠢᠯᠭᠠᠰᠤᠨ ᠲᠡᠭᠡᠰᠤ ᠶᠢ ᠴᠤᠯᠪᠣᠭᠤᠷ ᠬᠡᠨ᠎ᠠ᠃ | ᠨᠣᠭᠳᠤ ᠶᠢᠨ ᠲᠣᠯᠣᠭᠠᠢ ᠶᠢᠨ ᠬᠡᠰᠡᠭ ᠤᠨ ᠶᠡᠭᠡ ᠪᠠᠭ᠎ᠠ ᠨᠢ ᠠᠳᠠᠯᠢ ᠦᠬᠡᠢ᠂ ᠬᠡᠷᠡᠭᠴᠡᠭᠡ ᠨᠢ ᠢᠯᠭᠠᠭ᠎ᠠ ᠲᠠᠢ | ᠴᠤ ᠪᠦᠳᠦᠴᠡ ᠨᠢ ᠪᠦᠷ ᠠᠳᠠᠯᠢ᠃ | ᠮᠤᠷᠢ ᠪᠠᠨ ᠬᠤᠳᠠᠯᠳᠣᠬᠤ ᠳᠤ ᠨᠣᠭᠳᠤ ᠪᠠᠨ ᠬᠤᠳᠠᠯᠳᠣᠬᠤ ᠦᠬᠡᠢ᠂ ᠮᠣᠷᠢ ᠪᠠᠨ ᠰᠣᠯᠢᠭᠰᠠᠨ ᠴᠤ ᠨᠣᠭᠳᠤ | ᠪᠠᠨ ᠰᠣᠯᠢᠬᠤ ᠦᠬᠡᠢ᠂ ᠮᠤᠷᠢᠨ ᠳᠤ ᠨᠣᠭᠳᠤ ᠴᠤᠯᠪᠣᠭᠤᠷ ᠢ ᠴᠢᠷᠦᠬᠦᠯᠵᠤ ᠲᠠᠯᠪᠢᠬᠤ ᠦᠬᠡᠢ᠃ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠤᠭᠴᠢ᠄ ᠡ᠊ · ᠰᠠᠷᠠᠭᠤᠯ | | | |