ᠮᠤᠷᠢᠨ ᠳᠠᠰᠢᠭᠤᠷ
ᠨᠡᠶᠢᠲᠡᠯᠡᠭᠰᠡᠨ ᠴᠠᠭ᠄
2015/12/3
     ᠮᠤᠷᠢᠨ ᠳᠠᠰᠢᠭᠤᠷ ᠪᠤᠯ ᠡᠷ᠎ᠡ ᠬᠦᠮᠦᠨ ᠤ ᠭᠠᠷ ᠦᠵᠦᠭᠦᠷ ᠬᠡᠷᠡᠭᠯᠡᠬᠦ ᠬᠠᠮᠤᠭ ᠤᠨ ᠰᠠᠶᠢᠨ ᠵᠡᠪᠰᠡᠭ ᠪᠤᠯᠤᠨ᠎ᠠ᠃ ᠮᠤᠷᠢᠨ ᠲᠠᠰᠢᠭᠤᠷ  ᠢ ᠶᠡᠷᠤ ᠳᠡᠭᠡᠨ ᠰᠤᠷ ᠢᠶᠠᠨ ᠨᠠᠷᠢᠨ ᠵᠦᠰᠦᠵᠤ᠂ ᠵᠢᠷᠭᠤᠭ᠎ᠠ᠂ ᠨᠠᠢᠮᠨ᠂ ᠠᠷᠪᠠᠨ ᠬᠤᠶᠠᠷ ᠢᠶᠠᠷ ᠬᠦᠷᠦᠳᠡᠭ᠃ ᠡᠭᠦᠨ ᠢ ᠦᠪᠡᠷ ᠦᠪᠡᠷ ᠤᠨ ᠬᠡᠷᠡᠭᠴᠡᠭᠡ ᠪᠠᠨ ᠦᠵᠡᠵᠤ ᠬᠢᠳᠡᠭ᠃ ᠲᠠᠰᠢᠭᠤᠷ ᠢᠶᠠᠨ ᠤᠯᠠᠩᠬᠢ ᠨᠢ ᠶᠠᠰᠢᠯ᠂ ᠲᠠᠯᠲᠤ᠂ ᠠᠭᠠᠷᠤ᠂ ᠽᠠᠨᠳᠠᠨ ᠮᠤᠳᠤ ᠶᠢᠨ ᠪᠦᠷᠢᠶ᠎ᠡ ᠲᠠᠢ ᠬᠢᠨ᠎ᠡ᠂ ᠪᠦᠷᠢᠶ᠎ᠡ ᠨᠢ ᠨᠠᠢᠮᠠᠨ ᠢᠮᠠᠬᠤ ᠶᠢᠨ ᠤᠷᠲᠤ᠂ ᠨᠢᠭᠡ ᠢᠮᠠᠬᠤ ᠶᠢᠨ ᠳ᠋ᠢᠶᠠᠮᠧᠲᠷ ᠲᠠᠢ᠃ ᠬᠦᠷᠦᠮᠡᠯ ᠲᠠᠰᠢᠭᠤᠷ ᠢᠶᠠᠨ ᠪᠦᠷᠢᠶ᠎ᠡ ᠲᠠᠢ ᠴᠢᠩᠭ᠎ᠠ ᠠᠪᠴᠠᠯᠳᠤᠭᠤᠯᠤᠨ ᠤᠶᠠᠵᠤ᠂ ᠪᠦᠷᠢᠶ᠎ᠡ ᠶᠢᠨ ᠳᠡᠭᠡᠷ᠎ᠡ ᠦᠵᠦᠭᠦᠷ ᠲᠤ ᠰᠤᠷ ᠭᠤᠭᠴᠤᠭ᠎ᠠ ᠭᠠᠷᠭᠠᠨ᠎ᠠ᠃ ᠪᠠᠰᠠ ᠵᠠᠷᠢᠮ ᠨᠢ ᠰᠤᠷ ᠪᠠᠷᠢᠭᠤᠯ ᠲᠠᠢ ᠲᠠᠰᠢᠭᠤᠷ ᠬᠦᠷᠦᠬᠦ ᠴᠤ ᠪᠤᠢ᠃   ᠵᠤᠬᠢᠶᠠᠭᠴᠢ᠄ ᠨᠠ᠊ · ᠵᠢᠷᠭᠠᠯ   ᠨᠠᠶᠢᠷᠠᠭᠤᠯᠣᠭᠴᠢ᠄ ᠡ᠊ · ᠰᠠᠷᠠᠭᠤᠯ
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号