| ᠮᠢᠨᠤ ᠨᠤᠳᠤᠭ ᠭᠡᠭᠴᠢ ᠠᠯᠢ ᠤᠵᠠᠭᠤᠷ ᠲᠤ ᠪᠠᠨ ᠭᠠᠵᠠᠷ ᠲᠡᠪᠢᠰᠭᠡᠷ ᠦᠷᠭᠡᠨ ᠠᠭᠤᠳᠠᠮ᠂ ᠵᠠᠬ᠎ᠠ ᠬᠢᠵᠠᠭᠠᠷ | ᠵᠠᠭᠤᠨ ᠤ ᠭᠠᠵᠠᠷ ᠦᠷᠭᠦᠯᠵᠢᠯᠡᠵᠤ᠂ ᠬᠡᠳᠦᠬᠡᠨ ᠬᠤᠳᠠ ᠠᠶᠢᠯ ᠡᠷᠦᠬᠡ ᠠᠵᠤ ᠲᠦᠷᠦᠨ ᠠᠮᠢᠳᠣᠷᠠᠵᠤ ᠪᠠᠶᠢᠭᠰᠠᠨ | ᠶᠤᠮ᠃ ᠤᠳᠤ ᠪᠤᠯᠬᠤ ᠳᠤ ᠬᠦᠮᠦᠨ ᠬᠠᠷ᠎ᠠ ᠤᠯᠠᠰᠢᠷᠠᠵᠤ᠂ ᠨᠤᠳᠤᠭ ᠪᠡᠯᠴᠢᠭᠡᠷ ᠢᠪᠴᠤᠷᠠᠭᠠᠳ ᠦᠪᠡᠷ ᠤᠨ ᠣᠳᠤᠭ | ᠪᠠᠭᠤᠴᠠ ᠦᠷᠦᠭᠡᠯ ᠤᠨ ᠲᠠᠷᠢᠶ᠎ᠠ ᠲᠦᠮᠦᠰᠦ ᠪᠠᠷ ᠰᠣᠯᠢᠭᠳᠠᠪᠠ᠃ | ᠡᠪᠦᠭᠡᠳ ᠨᠠᠰᠣᠳᠠᠳ ᠤᠨ ᠬᠠᠭᠤᠴᠢᠯᠠᠭᠰᠠᠨ ᠠᠩᠬ᠎ᠠ ᠢᠵᠠᠭᠤᠷ ᠤᠨ ᠣᠤᠭᠠᠯ ᠨᠤᠳᠤᠭ᠂ ᠤᠲᠤᠷ ᠨᠡᠭᠦᠳᠡᠯ ᠤᠨ | ᠦᠯᠢᠭᠡᠷ ᠲᠡᠤᠬᠡ ᠶᠢ ᠲᠤᠪᠴᠢᠬᠠᠨ ᠲᠡᠮᠳᠡᠭᠯᠡᠭᠰᠡᠨ ᠨᠢ ᠡᠨᠡ ᠪᠢᠯᠡ᠃ | | ᠬᠤᠪᠤᠯᠲᠤ | ᠬᠤᠪᠤᠯᠲᠤ ᠶᠢᠨ ᠠᠭᠤᠯᠠ ᠨᠢ ᠡᠮᠦᠨ᠎ᠡ ᠠᠵᠢᠷᠭ᠎ᠠ ᠶᠢᠨ ᠪᠠᠷᠠᠭᠤᠨ ᠲᠠᠯ᠎ᠠ ᠳᠤ ᠪᠠᠶᠢᠷᠢᠯᠠᠵᠤ ᠪᠤᠢ᠃ ᠠᠯᠣᠰ | ᠠᠴᠠ ᠬᠠᠷᠠᠬᠤ ᠳᠤ ᠬᠠᠳᠠ ᠴᠢᠯᠠᠭᠤ ᠨᠢ ᠬᠤᠪᠤᠯ ᠴᠢᠯᠠᠭᠤ ᠰᠢᠭ᠋ ᠬᠠᠷᠠᠭᠳᠠᠬᠤ ᠪᠠᠷ ᠨᠢ ᠡᠶᠢᠨ ᠬᠦ ᠨᠡᠷᠡᠯᠡᠪᠡ ᠭᠡᠨ᠎ᠡ᠃ | ᠬᠤᠪᠤᠯᠲᠤ ᠶᠢᠨ ᠠᠭᠤᠯᠠᠨ ᠳᠤ ᠤᠢ ᠰᠢᠭᠤᠢ ᠪᠢᠲᠡᠭᠦᠦ᠂ ᠬᠠᠶᠢᠯᠠᠰᠦ᠂ ᠤᠯᠢᠶᠠᠰᠤ᠂ ᠴᠠᠷᠠᠰᠤ᠂ ᠰᠢᠭᠡᠪᠦᠷ᠂ | ᠬᠠᠷᠠᠪᠤᠷ ᠪᠤᠯᠤᠨ ᠲᠡᠯᠲᠦ᠂ ᠮᠤᠶᠢᠯ᠂ ᠶᠠᠰᠢᠯᠢ᠂ ᠬᠠᠷᠭᠠᠨ᠎ᠠ ᠵᠡᠷᠭᠡ ᠵᠦᠢᠯ ᠤᠨ ᠮᠤᠳᠤ ᠲᠠᠢ ᠪᠦᠭᠡᠳ ᠤᠯᠠᠨ ᠵᠦᠢᠯ | ᠤᠨ ᠡᠪᠡᠰᠦ᠂ ᠡᠮᠲᠦ ᠤᠷᠭᠤᠮᠠᠯ ᠪᠤᠢ᠃ | ᠬᠤᠪᠤᠯᠲᠤ ᠳᠤ ᠪᠠᠰᠠ ᠢᠯᠠᠮ᠎ᠠ᠂ ᠠᠵᠢᠷᠭᠠᠨ᠎ᠠ᠂ ᠲᠤᠯᠤᠨᠤ ᠵᠡᠷᠭᠡ ᠵᠢᠮᠢᠰᠲᠦ ᠤᠷᠭᠤᠮᠠᠯ ᠲᠠᠢ᠂ ᠬᠤᠷ᠎ᠠ ᠤᠰᠤ | ᠡᠯᠪᠡᠭ ᠵᠢᠯ ᠪᠤᠯ ᠬᠠᠳᠠ ᠴᠢᠯᠠᠭᠤᠳ ᠠᠴᠠ ᠨᠢ ᠪᠤᠯᠠᠭ ᠤᠷᠭᠢᠯᠵᠤ᠂ ᠤᠢ ᠮᠤᠳᠤᠨ ᠤ ᠳᠤᠮᠳᠠᠭᠤᠷ ᠭᠤᠷᠴᠢᠭᠢᠨᠠᠨ | ᠤᠷᠤᠰᠴᠤ᠂ ᠦᠩᠭᠡ ᠦᠵᠡᠮᠵᠢ ᠡᠲᠡᠭᠡᠳ ᠭᠤᠶᠤᠮᠰᠤᠭ ᠪᠢᠯᠡ᠃ ᠬᠤᠪᠤᠯᠲᠤ ᠠᠭᠤᠯᠠ ᠶᠢᠨ ᠦᠩ ᠰᠢᠮᠡᠯᠢᠭ | ᠪᠡᠯᠴᠢᠭᠡᠷ ᠲᠤ ᠡᠪᠦᠯ ᠬᠠᠪᠤᠷ ᠤᠨ ᠵᠤᠳ ᠭᠠᠮᠰᠢᠭ ᠢ ᠲᠤᠭᠤᠯᠵᠤ᠂ ᠤᠳᠤ ᠪᠤᠯᠲᠠᠯ᠎ᠠ ᠤᠲᠤᠷᠯᠠᠨ ᠨᠡᠭᠦᠵᠦ ᠪᠤᠢ᠃ | | ᠠᠵᠢᠷᠭ᠎ᠠ ᠶᠢᠨ ᠠᠭᠤᠯᠨ | ᠠᠵᠢᠷᠭ᠎ᠠ ᠶᠢᠨ ᠠᠭᠤᠯᠨ ᠪᠤᠯ ᠤᠡᠭᠭᠤᠨ ᠮᠤᠳᠦ ᠭᠠᠴᠠᠭᠠᠨ ᠤ ᠠᠷᠤ ᠵᠠᠬ᠎ᠠ ᠶᠢᠨ ᠠᠭᠤᠯᠨ ᠪᠤᠯᠤᠨ᠎ᠠ᠃ ᠲᠤᠰ | ᠠᠭᠤᠯᠨ ᠨᠢ ᠪᠠᠷᠠᠭᠤᠨ ᠬᠤᠶᠢᠨ᠎ᠠ ᠠᠴᠠ ᠵᠡᠭᠦᠨ ᠡᠮᠦᠨᠡᠰᠢ ᠰᠤᠨᠤᠯᠵᠠᠵᠤ ᠬᠤᠶᠢᠰᠢ ᠡᠮᠦᠨᠡᠰᠢ ᠦᠷᠭᠡᠨ ᠢᠶᠠᠷ ᠢᠶᠠᠨ | ᠪᠠᠷᠤᠭ 2 ᠺᠢᠯᠤᠮᠧᠲᠷ ᠢᠯᠡᠭᠦᠦ᠂ ᠤᠷᠳᠤ ᠪᠠᠷ ᠢᠶᠠᠨ 2 ᠺᠢᠯᠤᠮᠧᠲᠷ᠂ ᠳᠠᠯᠠᠢ ᠶᠢᠨ ᠳᠦᠪᠰᠢᠨ ᠠᠴᠠ 913.8 | ᠮᠧᠲᠷ ᠡᠷᠭᠦᠭᠳᠡᠵᠤ ᠪᠤᠢ᠃ | ᠠᠵᠢᠷᠭ᠎ᠠ ᠶᠢᠨ ᠠᠭᠤᠯᠠᠨ ᠳᠤ ᠬᠤᠰᠤ᠂ ᠴᠠᠷᠠᠰᠤ᠂ ᠤᠯᠢᠶᠠᠰᠤ᠂ ᠶᠠᠰᠢᠯ᠂ ᠬᠠᠷᠭᠠᠨ᠎ᠠ᠂ ᠬᠠᠶᠢᠯᠠᠰᠤ᠂ ᠳᠡᠯᠳᠦ | ᠵᠡᠷᠭᠡ ᠤᠢ ᠮᠤᠳᠤᠨ ᠤ ᠵᠦᠢᠯ ᠪᠤᠢ ᠪᠦᠭᠡᠳ ᠴᠢᠨ᠋ᠸ᠎ᠠ ᠶᠢᠨ ᠬᠠᠯᠲᠠᠷ᠂ ᠬᠢᠶᠠᠭ᠂ ᠮᠤᠷᠢᠨ ᠰᠢᠪᠠᠭ᠂ ᠱᠢᠷᠠᠯᠵᠢ ᠮᠡᠳᠦ | ᠶᠢᠨ ᠤᠷᠭᠤᠮᠠᠯ ᠲᠠᠢ᠂ ᠪᠠᠰᠠ ᠭᠦᠢᠯᠡᠰᠦ᠂ ᠠᠵᠢᠷᠭᠠᠨ᠎ᠠ᠂ ᠢᠯᠡᠮᠡ᠂ ᠤᠯᠠᠭᠠᠨ᠎ᠠ ᠶᠢᠨ ᠵᠢᠮᠢᠰ ᠤᠷᠭᠤᠵᠤ᠂ ᠨᠠᠮᠤᠷ | ᠤᠨ ᠤᠯᠠᠷᠢᠯ ᠳᠤ ᠤᠶᠢᠷ᠎ᠠ ᠬᠠᠪᠢ ᠶᠢᠨ ᠬᠦᠮᠦᠰ ᠭᠦᠢᠯᠡᠰᠦ᠂ ᠭᠠᠷᠰᠤ ᠲᠡᠭᠦᠵᠤ ᠠᠮᠢᠳᠤᠷᠠᠯ ᠠᠳᠠᠯ ᠳᠤ ᠪᠠᠨ ᠲᠤᠰᠠ | ᠪᠤᠯᠭᠠᠳᠠᠭ᠃ | ᠠᠵᠢᠷᠭ᠎ᠠ ᠶᠢᠨ ᠠᠭᠤᠯᠨ ᠪᠤᠯ ᠳᠦᠷᠪᠡᠨ ᠤᠯᠠᠷᠢᠯ ᠢᠶᠠᠷ ᠢᠶᠠᠨ ᠮᠠᠯ ᠰᠦᠷᠦᠭ ᠤᠨ ᠪᠡᠯᠴᠢᠭᠡᠷ ᠶᠤᠮ᠂ ᠡᠪᠤᠯ | ᠬᠠᠪᠤᠷ ᠤᠨ ᠵᠤᠳ ᠰᠢᠭᠤᠷᠭᠠᠨ ᠳᠤ ᠳᠤᠯᠠᠭᠠᠨ ᠨᠦᠮᠦᠷᠢ ᠬᠠᠯᠬᠠᠪᠴᠢ ᠪᠤᠯᠤᠭᠰᠠᠭᠠᠷ ᠢᠷᠡᠵᠡᠢ᠃ ᠠᠳᠡ ᠬᠠᠪᠤᠷᠵᠢᠶ᠎ᠠ᠂ | ᠨᠠᠮᠤᠷᠵᠢᠶ᠎ᠠ ᠪᠠᠷ ᠤᠨ ᠤᠨ ᠳᠤ ᠪᠠᠨ ᠨᠡᠭᠦᠳᠡᠯᠯᠡᠵᠤ᠂ ᠡᠪᠦᠯ ᠵᠤᠨ ᠳᠤ ᠪᠠᠨ ᠴᠤ ᠵᠤᠰᠠᠭᠠᠯ ᠤᠲᠤᠷ ᠲᠤ ᠭᠠᠷᠳᠠᠭ᠃ | ᠠᠵᠢᠷᠭ᠎ᠠ ᠶᠢᠨ ᠠᠭᠤᠯᠨ ᠶᠢᠨ ᠡᠩᠭᠡᠷ ᠲᠤ ᠡᠷᠳᠡᠨ ᠤ ᠪᠠᠭᠤᠷᠢ ᠪᠤᠢ ᠪᠦᠭᠡᠳ ᠴᠢᠯᠠᠭᠤ ᠰᠢᠷᠤᠢ ᠪᠠᠷ ᠨᠢ ᠮᠠᠯ ᠤᠨ | ᠬᠡᠷᠡᠮ ᠬᠠᠰᠢᠶ᠎ᠠ ᠪᠠᠷᠢᠵᠤ ᠠᠰᠢᠭᠯᠠᠵᠤ ᠶᠠᠪᠤᠵᠠᠢ᠃ ᠰᠡᠭᠦᠯ ᠤᠨ ᠵᠢᠯ ᠳᠤ ᠠᠵᠢᠷᠭ᠎ᠠ ᠶᠢᠨ ᠠᠭᠤᠯᠠᠨ ᠳᠤ ᠪᠤᠭᠤ᠂ | ᠵᠡᠭᠡᠷ᠎ᠡ᠂ ᠬᠡᠭᠡᠷ᠎ᠡ ᠶᠢᠨ ᠭᠠᠭ᠋ᠠᠢ᠂ ᠦᠨᠡᠭᠡ᠂ ᠴᠢᠨ᠋ᠸ᠎ᠠ᠂ ᠲᠠᠤᠯᠠᠢ ᠦᠷᠡᠵᠢᠨ ᠲᠦᠯᠵᠢᠵᠤ᠂ ᠪᠦᠷᠭᠦᠳ᠂ ᠭᠤᠷᠭᠤᠤᠯ᠂ | ᠡᠯᠢᠶ᠎ᠡ᠂ ᠲᠠᠭᠲᠠᠭ᠎ᠠ ᠠᠮᠤᠷ ᠲᠠᠶᠢᠪᠤᠡᠭ ᠤᠷᠤᠩᠨᠠᠨ ᠲᠤᠭᠲᠠᠨᠢᠵᠤ᠂ ᠬᠦᠮᠦᠰ ᠤᠨ ᠪᠠᠭ᠋ᠠᠷᠤᠯ ᠢ ᠲᠠᠲᠠᠭᠰᠠᠭᠠᠷ ᠪᠢᠯᠨ᠃ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ᠄ ᠡ᠊ · ᠰᠠᠷᠠᠭᠤᠯ | |