ᠵᠠᠰᠠᠭ ᠤᠨ ᠲᠠᠬᠢᠯᠭ᠎ᠠ ᠶᠢᠨ ᠣᠪᠣᠭ᠎ᠠ | | ᠣᠪᠣᠭ᠎ᠠ ᠶᠢᠨ ᠲᠠᠬᠢᠯᠭ᠎ᠠ ᠶᠢᠨ ᠲᠤᠳᠤᠷ᠎ᠠ ᠠᠯᠢ ᠡᠷᠳᠡ ᠠᠴᠠ ᠬᠤᠰᠢᠭᠤ ᠵᠠᠰᠠᠭ ᠤᠨ ᠰᠢᠳᠦᠨ ᠲᠠᠬᠢᠭᠰᠠᠨ | ᠣᠪᠣᠭ᠎ᠠ ᠨᠡᠯᠢᠶᠡᠳ ᠬᠡᠳᠦ ᠪᠤᠢ᠃ ᠵᠢᠱᠢᠶᠡᠯᠡᠬᠦ ᠳᠤ ᠠᠷᠣ ᠬᠤᠷᠴᠢᠨ ᠬᠤᠰᠢᠭᠤᠨ ᠳᠤ ᠭᠤᠭᠤᠰᠣᠳᠠᠢ ᠬᠠᠨ ᠠᠭᠤᠯᠠ᠂ | ᠰᠢᠷ᠎ᠠ ᠦᠨᠳᠦᠷ ᠬᠠᠨ ᠠᠭᠤᠯᠠ᠂ ᠲᠤᠬᠤᠢ ᠬᠠᠨ ᠠᠭᠤᠯᠠ᠂ ᠪᠠᠶᠠᠨᠵᠢᠷᠦᠬᠡ ᠬᠠᠨ ᠠᠭᠤᠯᠠ᠂ ᠪᠠᠶᠠᠨ ᠪᠤᠷᠤᠯᠵᠢ | ᠬᠠᠨ ᠠᠭᠤᠯᠠ ᠵᠡᠷᠭᠡ ᠠᠷᠪᠠᠨ ᠬᠤᠶᠠᠷ ᠬᠠᠨ ᠠᠭᠤᠯᠠ ᠪᠤᠯ ᠪᠦᠷ ᠬᠤᠰᠢᠭᠤ ᠵᠠᠰᠠᠭ ᠠᠴᠠ ᠲᠠᠬᠢᠳᠠᠭ᠃ ᠡᠳᠡᠭᠡᠷ | ᠣᠪᠣᠭ᠎ᠠ ᠶᠢᠨ ᠲᠠᠬᠢᠯᠭ᠎ᠠ ᠶᠢᠨ ᠬᠡᠪᠴᠢᠶ᠎ᠡ ᠨᠢ ᠪᠣᠰᠤᠳ ᠣᠪᠣᠭ᠎ᠠ ᠨᠤᠭᠤᠳ ᠠᠴᠠ ᠶᠡᠭᠡ᠂ ᠤᠷᠤᠯᠴᠠᠬᠤ ᠬᠦᠮᠦᠨ | ᠴᠤ ᠤᠯᠠᠨ ᠪᠠᠶᠢᠳᠠᠭ᠃ | | | | ᠵᠠᠰᠠᠭ ᠤᠨ ᠲᠠᠬᠢᠯᠭ᠎ᠠ ᠶᠢᠨ ᠣᠪᠣᠭ᠎ᠠ | | ᠰᠦᠮ᠎ᠡ ᠶᠢᠨ ᠣᠪᠣᠭ᠎ᠠ | | ᠮᠤᠩᠭᠤᠯ ᠤᠷᠤᠨ ᠤ ᠰᠦᠮ᠎ᠡ ᠪᠦᠬᠦᠨ ᠨᠢ ᠦᠪᠡᠷ ᠤᠨ ᠢᠶᠠᠨ ᠲᠠᠬᠢᠯᠭ᠎ᠠ ᠶᠢᠨ ᠣᠪᠣᠭ᠎ᠠ ᠲᠠᠢ ᠪᠦᠭᠡᠳ | ᠲᠤᠭᠳᠠᠭᠰᠠᠨ ᠶᠤᠰᠤ ᠵᠢᠷᠦᠮ ᠲᠠᠢ ᠪᠢᠯᠡ᠃ ᠲᠤᠶᠢᠩᠬᠤᠷ ᠭᠡᠭᠡᠨ ᠤ ᠣᠪᠣᠭ᠎ᠠ ᠶᠢ ᠭᠡᠭᠡᠨ ᠬᠤᠪᠢᠯᠭᠠᠨ ᠨᠠᠷ ᠲᠠᠬᠢᠵᠣ᠂ | ᠶᠡᠭᠡ ᠬᠡᠪᠴᠢᠶᠡᠨ ᠤ ᠨᠠᠶᠢᠷ ᠡᠷᠬᠢᠯᠡᠳᠡᠭ ᠵᠤᠷᠰᠢᠯ ᠲᠠᠢ᠃ ᠣᠪᠣᠭ᠎ᠠ ᠬᠠᠭᠠᠨ ᠰᠦᠮ᠎ᠡ ᠶᠢᠨ ᠣᠪᠣᠭ᠎ᠠ ᠶᠢ ᠬᠡᠳᠦᠨ | ᠰᠦᠮ᠎ᠡ ᠶᠢᠨ ᠯᠠᠮᠠ ᠨᠠᠷ ᠴᠤᠭᠯᠠᠷᠠᠵᠤ᠂ ᠡᠷ᠎ᠡ ᠶᠢᠨ ᠭᠤᠷᠪᠠᠨ ᠨᠠᠭᠠᠳᠣᠮ ᠢᠶᠠᠷ ᠭᠤᠤᠯ ᠪᠣᠯᠭᠠᠭᠰᠠᠨ ᠨᠠᠶᠢᠷ ᠬᠢᠳᠡᠭ᠃ | | | | ᠰᠦᠮ᠎ᠡ ᠶᠢᠨ ᠣᠪᠣᠭ᠎ᠠ | | ᠭᠡᠭᠡᠨ ᠤ ᠣᠪᠣᠭ᠎ᠠ | | ᠮᠤᠩᠭᠤᠯ ᠤᠷᠤᠨ ᠠᠴᠠ ᠢᠯᠡᠷᠡᠭᠰᠡᠨ ᠭᠡᠭᠡᠨ ᠬᠤᠪᠢᠯᠭᠠᠨ ᠳᠤ ᠲᠤᠰᠬᠠᠢ ᠲᠠᠬᠢᠯᠭ᠎ᠠ ᠶᠢᠨ ᠤᠪᠤᠭ᠎ᠠ ᠪᠠᠶᠢᠳᠠᠭ᠃ | ᠡᠨᠡ ᠬᠦ ᠣᠪᠣᠭ᠎ᠠ ᠶᠢ ᠲᠤᠭᠳᠠᠭᠰᠠᠨ ᠡᠳᠦᠷ ᠲᠤ ᠲᠠᠬᠢᠳᠠᠭ᠃ | | | ᠭᠡᠭᠡᠨ ᠤ ᠣᠪᠣᠭ᠎ᠠ | | ᠠᠶᠢᠮᠠᠭ ᠤᠨ ᠣᠪᠣᠭ᠎ᠠ | | ᠮᠤᠩᠭᠤᠯ ᠣᠷᠣᠨ ᠤ ᠭᠠᠵᠠᠷ ᠨᠣᠳᠤᠭ ᠠᠭᠤᠳᠠᠮ ᠪᠠᠶᠢᠭᠰᠠᠨ ᠠᠴᠠ ᠤᠯᠠᠨ ᠵᠦᠢᠯ ᠤᠨ ᠣᠪᠣᠭ ᠠᠶᠢᠮᠠᠭ | ᠤᠨ ᠨᠡᠷᠡᠶᠢᠳᠦᠯ ᠲᠠᠢ ᠪᠦᠭᠡᠳ ᠣᠪᠣᠭ ᠠᠶᠢᠮᠠᠭ ᠢᠶᠠᠷ ᠢᠶᠠᠨ ᠣᠪᠣᠭ᠎ᠠ ᠲᠠᠬᠢᠬᠤ ᠵᠠᠩᠰᠢᠯ ᠲᠠᠢ ᠪᠠᠶᠢᠪᠠ᠃ | ᠬᠠᠯᠬᠠᠴᠣᠤᠯ ᠤᠨ ᠣᠪᠣᠭ᠎ᠠ᠂ ᠴᠠᠬᠠᠷ ᠤᠨ ᠣᠪᠣᠭ᠎ᠠ᠂ ᠪᠣᠷᠪᠢᠴᠢᠨ ᠣᠪᠣᠭ᠎ᠠ᠂ ᠪᠣᠯᠵᠤᠭ᠎ᠠ ᠣᠪᠣᠭ᠎ᠠ ᠵᠡᠷᠭᠡ ᠶᠢ ᠶᠡᠷᠦ | ᠠᠴᠠ ᠠᠶᠢᠮᠠᠭ ᠣᠭᠰᠠᠭ᠎ᠠ ᠪᠠᠷ ᠢᠶᠠᠨ ᠲᠠᠬᠢᠳᠠᠭ᠃ | | | ᠠᠶᠢᠮᠠᠭ ᠤᠨ ᠣᠪᠣᠭ᠎ᠠ | | ᠵᠠᠮ ᠲᠡᠮᠳᠡᠭ ᠤᠨ ᠣᠪᠣᠭ᠎ᠠ | | ᠠᠯᠢ ᠡᠷᠳᠡ ᠠᠴᠠ ᠮᠤᠩᠭᠤᠯᠴᠣᠳ ᠠᠶᠠᠨ ᠳᠤ ᠶᠠᠪᠣᠬᠤ᠂ ᠠᠯᠤᠰ ᠭᠠᠵᠠᠷ ᠣᠳᠤᠷᠯᠠᠨ ᠨᠡᠭᠦᠳᠡᠯᠯᠡᠬᠦ ᠳᠤ ᠪᠠᠨ | ᠵᠠᠮ ᠤᠨ ᠬᠠᠵᠠᠭᠤ ᠳᠤ ᠤᠪᠤᠭ᠎ᠠ ᠪᠣᠰᠬᠠᠨ ᠲᠡᠮᠳᠡᠭ ᠪᠣᠯᠭᠠᠵᠣ᠂ ᠨᠠᠭᠠᠰᠢ ᠴᠠᠭᠠᠰᠢ ᠶᠠᠪᠣᠬᠤ ᠳᠤ ᠪᠠᠨ ᠵᠦᠭ ᠴᠢᠭ | ᠢᠶᠠᠨ ᠠᠯᠳᠠᠬᠤ ᠠᠴᠠ ᠬᠢᠴᠢᠶᠡᠳᠡᠭ᠃ ᠠᠯᠢ ᠨᠣᠳᠤᠭ ᠤᠨ ᠬᠦᠮᠦᠨ ᠪᠣᠯᠣᠭᠰᠠᠨ ᠴᠤ ᠵᠠᠮ ᠤᠨ ᠣᠪᠣᠭ᠎ᠠ ᠶᠢᠨ ᠵᠠᠬ᠎ᠠ | ᠳᠤ ᠬᠦᠷᠪᠡᠯ ᠲᠡᠷᠭᠡ ᠤᠨᠤᠭ᠎ᠠ ᠠᠴᠠ ᠪᠠᠨ ᠪᠠᠭᠤᠵᠣ ᠴᠢᠯᠠᠭᠤ ᠨᠡᠮᠡᠳᠡᠭ᠃ ᠴᠢᠯᠠᠭᠤ ᠨᠡᠮᠡᠬᠦ ᠦᠭᠡᠢ ᠪᠣᠯ ᠵᠣᠷᠢᠭᠰᠠᠨ | ᠣᠴᠢᠷ ᠰᠠᠭᠠᠳ ᠤᠴᠠᠷᠠᠨ᠎ᠠ ᠭᠡᠳᠡᠭ᠃ | | | ᠵᠠᠮ ᠲᠡᠮᠳᠡᠭ ᠤᠨ ᠣᠪᠣᠭ᠎ᠠ | | ︵ᠦᠷᠬᠦᠯᠵᠢᠯᠡᠯ ᠪᠤᠢ︶ | | ᠵᠤᠬᠢᠶᠠᠭᠴᠢ ᠄ ᠨᠠ᠊ · ᠵᠢᠷᠭᠠᠯ | ᠨᠠᠶᠢᠷᠠᠭᠤᠯᠤᠭᠴᠢ ᠄ ᠴ᠊ · ᠰᠠᠷᠠᠭᠤᠯ | | | | |