ᠣᠯᠢᠶᠠᠰᠤᠲᠠᠢ ᠠᠭᠤᠯᠨ | ᠤᠯᠢᠶᠠᠰᠤᠲᠠᠢ ᠠᠭᠤᠯᠨ ᠳᠠᠯᠠᠢ ᠶᠢᠨ ᠲᠦᠪᠰᠢᠨ ᠠᠴᠠ 616.3 ᠮᠧᠲᠷ ᠡᠷᠭᠦᠭᠳᠡᠵᠤ᠂ ᠬᠦᠨᠳᠡᠢ ᠶᠢᠨ | ᠪᠡᠯᠴᠢᠭᠡᠷ ᠨᠢ ᠢᠭ᠌ᠴᠢ ᠰᠠᠬᠤᠯᠢᠭ᠂ ᠵᠦᠢᠯ ᠤᠨ ᠪᠤᠲᠠ ᠪᠤᠷᠤᠯᠵᠢ ᠤᠷᠭᠤᠭᠰᠠᠨ ᠴᠤ ᠬᠦᠷᠢᠶ᠎ᠡ ᠲᠠᠲᠠᠭᠤᠨ ᠲᠠᠷᠢᠭᠰᠠᠨ | ᠰᠢᠭ᠋ ᠬᠦᠭᠡᠮᠳᠦᠭ ᠨᠤᠭᠤᠭᠠᠨ ᠤᠢ ᠤᠯᠠᠷᠢᠯ ᠤᠨ ᠵᠢᠮ᠎ᠡ ᠪᠠᠷ ᠮᠦᠴᠢᠷᠯᠡᠨ ᠤᠰᠤ ᠴᠢᠭᠢᠭ ᠤᠨ ᠬᠦᠷᠲᠡᠭᠡᠯ ᠢᠶᠠᠷ | ᠦᠨᠳᠦᠰᠦᠯᠡᠨ ᠤᠷᠭᠤᠳᠠᠭ᠃ | ᠬᠠᠳᠠᠨ ᠤ ᠲᠦᠰᠢᠭ᠂ ᠪᠡᠯᠴᠢᠭᠡᠷ ᠤᠨ ᠦᠵᠡᠮᠵᠢ ᠬᠤᠤᠰᠯᠠᠭᠰᠠᠨ ᠤᠢ ᠮᠤᠳᠤᠳ ᠨᠢ ᠲᠡᠭᠷᠢ ᠶᠢ ᠪᠠᠭᠠᠨᠠᠳᠠᠨ | ᠰᠤᠨᠤᠯᠵᠠᠵᠤ᠂ ᠰᠢᠮ᠎ᠡ ᠲᠦᠭᠦᠷᠡᠩ ᠬᠠᠯᠢᠰᠤ ᠨᠠᠮᠠᠭ᠎ᠠ ᠨᠢ ᠲᠦᠮᠡᠨ ᠤᠷᠭᠤᠮᠠᠯ ᠠᠴᠠ ᠬᠡᠳᠦᠶᠢᠳᠴᠤ᠂ ᠨᠤᠭᠤᠭᠠᠨ | ᠦᠡᠭᠭᠡ ᠪᠠᠷ ᠢᠶᠠᠨ ᠦᠷᠦᠭᠡᠯ ᠠᠴᠠ ᠤᠨᠴᠠᠯᠢᠭᠳᠠᠳᠠᠭ᠃ | ᠬᠠᠪᠤᠷ᠂ ᠤᠯᠢᠶᠠᠰᠤᠲᠠᠢ ᠶᠢᠨ ᠤᠢ ᠬᠠᠭᠳᠠ ᠶᠢᠨ ᠨᠤᠭᠤᠭ᠎ᠠ ᠲᠠᠢ ᠠᠳᠠᠯᠢᠬᠠᠨ ᠤᠰᠤ ᠰᠢᠮ᠎ᠡ ᠬᠦᠷᠲᠡᠵᠤ᠂ | ᠴᠠᠷᠠᠰᠦ᠂ ᠶᠠᠰᠢᠯ ᠠᠴᠠ ᠲᠦᠷᠦᠭᠦᠨ ᠳᠤ ᠵᠢᠵᠢᠭ ᠮᠦᠬᠦᠯᠢᠭ ᠨᠠᠪᠴᠢ ᠪᠦᠮᠪᠦᠭᠡᠨᠡᠵᠤ᠂ ᠠᠭᠤᠯᠨ ᠶᠢᠨ ᠬᠠᠵᠠᠭᠤ ᠠᠴᠠ | ᠦᠵᠡᠬᠦ ᠳᠤ ᠶᠠᠭ ᠯᠨ ᠱᠤᠭᠤᠮ ᠲᠠᠲᠠᠨ ᠵᠢᠷᠤᠭᠰᠠᠨ ᠭᠡᠮᠡᠷ ᠳᠦᠷᠪᠡᠯᠵᠢᠯᠡᠵᠤ᠂ ︽ᠵᠠ᠂ ᠪᠠᠰᠠ ᠨᠢᠭᠡᠨ ᠬᠠᠪᠤᠷ | ᠰᠠᠭᠠᠲᠠᠯ᠎ᠠ︾ ᠭᠡᠵᠤ ᠬᠦᠮᠦᠰ ᠢ ᠡᠷᠬᠡ ᠦᠭᠡᠢ ᠪᠤᠳᠤᠭᠳᠠᠭᠤᠯᠳᠠᠭ᠃ ᠮᠠᠯ ᠰᠦᠷᠦᠭ ᠤᠯᠢᠶᠠᠰᠤᠨ ᠮᠤᠳᠤᠨ ᠤ | ᠨᠦᠮᠦᠷᠢ ᠳᠠᠬᠢ ᠵᠦᠭᠡᠯᠡᠨ ᠪᠡᠯᠴᠢᠭᠡᠷ ᠲᠤ ᠲᠠᠭᠠᠲᠠᠶᠢᠬᠠᠨ ᠢᠳᠡᠰᠢᠯᠡᠵᠤ᠂ ᠬᠠᠪᠤᠷ ᠤᠨ ᠬᠠᠭᠰᠠᠷᠭᠠᠨ ᠢ ᠠᠵᠢᠭ ᠦᠭᠡᠢ | ᠬᠡᠳᠦᠯᠵᠤ ᠦᠡᠭ ᠦᠭᠡᠳᠡ ᠤᠨ ᠢ ᠤᠭᠲᠤᠵᠤ ᠡᠵᠡᠨ ᠢᠶᠠᠨ ᠪᠠᠶᠠᠰᠬᠠᠨ᠎ᠠ᠃ ᠮᠤᠳᠤᠨ ᠤ ᠦᠨᠳᠦᠰᠦᠨ ᠠᠴᠠ | ᠤᠷᠭᠤᠭᠰᠠᠨ ᠵᠦᠭᠡᠯᠡᠨ ᠰᠤᠶᠤᠭ᠎ᠠ ᠪᠤᠲᠠ ᠪᠤᠲᠠ ᠪᠠᠷ ᠠᠮᠢᠯᠠᠨ ᠰᠡᠷᠭᠦᠵᠤ ᠬᠠᠪᠤᠷ ᠤᠨ ᠳᠤᠯᠠᠭᠠᠨ ᠳᠤ ᠬᠦᠷᠦᠰᠦ ᠪᠠᠨ | ᠴᠢᠮᠡᠭᠯᠡᠳᠡᠭ᠃ | ᠵᠤᠨ᠂ ᠨᠠᠪᠴᠢ ᠳᠡᠯᠭᠡᠭᠰᠡᠨ ᠤᠯᠢᠶᠠᠰᠤᠨ ᠮᠤᠳᠤᠳ ᠰᠠᠯᠠᠭ᠎ᠠ ᠬᠤᠯᠪᠤᠯᠳᠤᠨ ᠰᠠᠨᠰᠠᠷ ᠢ ᠬᠠᠯᠬᠠᠯᠠᠵᠤ᠂ ᠵᠦᠢᠯ | ᠤᠨ ᠵᠢᠭᠦᠷᠲᠡᠨ ᠵᠢᠷᠭᠢᠨ ᠳᠤᠩᠭᠤᠳᠴᠦ᠂ ᠨᠠᠷᠠᠨ ᠤ ᠭᠡᠷᠡᠯ ᠳᠤ ᠡᠪᠡᠰᠦᠨ ᠤ ᠰᠢᠭᠦᠳᠡᠷᠢ ᠭᠢᠯᠳᠠᠭᠠᠨᠠᠵᠤ᠂ ᠴᠡᠯᠮᠡᠭ | ᠠᠭᠠᠷ ᠰᠡᠳᠬᠢᠯ ᠢ ᠰᠡᠷᠭᠦᠭᠡᠨ᠎ᠡ᠃ ᠡᠨ᠋ᠨ ᠦᠶᠡᠰ ᠮᠤᠳᠤᠨ ᠤ ᠰᠡᠭᠦᠳᠡᠷ ᠰᠡᠷᠢᠭᠦᠴᠡᠬᠦ ᠳᠤ ᠬᠠᠳᠠᠨ ᠤ ᠴᠤᠤᠷᠢᠶᠠᠨ ᠳᠤ | ᠶᠠᠩᠵᠤ ᠶᠢᠨ ᠳᠠᠭᠤᠨ ᠦᠷᠭᠦᠯᠵᠢᠯᠡᠵᠤ᠂ ᠬᠠᠶ᠋ᠨ ᠠᠯᠤᠰ ᠠᠴᠠ ᠰᠡᠷᠢᠭᠦᠨ ᠵᠢᠪᠠᠷ ᠰᠡᠷᠴᠢᠭᠢᠨᠡᠬᠦ ᠳᠤ ᠠᠭᠤᠯᠨ ᠶᠢᠨ | ᠬᠦᠨᠳᠡᠢ ᠱᠤᠤᠭᠢᠶᠠᠨ ᠲᠠᠳᠠᠵᠤ᠂ ︽ᠠᠶ᠎ᠠ᠂ ᠶᠠᠭᠠᠬᠢᠭᠰᠠᠨ ᠲᠠᠭᠠᠯᠠᠮᠵᠢᠲᠠᠢ ᠵᠢᠪᠠᠷ ᠪᠤᠢ︖︾ ᠭᠡᠵᠤ ᠡᠷᠬᠡ ᠦᠭᠡᠢ | ᠲᠠᠩᠨᠠᠢ ᠱᠠᠭᠰᠢᠭᠤᠯᠳᠠᠭ᠃ | ᠡᠷᠲᠡ ᠤᠷᠢᠳᠤ ᠶᠢᠨ ᠦᠶ᠎ᠡ ᠳᠤ ᠠᠬᠠᠯᠠᠭ ᠪᠢᠳᠡᠭᠦᠦ ᠠᠭᠤᠯᠨ ᠶᠢᠨ ᠬᠦᠨᠲᠡᠢ ᠪᠠᠷ ᠭᠤᠷ᠎ᠠ ᠵᠡᠭᠡᠷ᠎ᠡ | ᠰᠦᠷᠦᠭᠯᠡᠵᠤ ᠬᠡᠭᠡᠷ᠎ᠡ ᠶᠢᠨ ᠭᠠᠭ᠋ᠠᠢ ᠬᠠ ᠶᠠ ᠦᠭᠡᠢ ᠬᠠᠷᠠᠭᠳᠠᠵᠤ᠂ ᠪᠤᠭᠤ ᠰᠤᠭᠤ ᠴᠤ ᠳᠤᠷ᠎ᠠ ᠪᠠᠷ ᠢᠶᠠᠨ ᠪᠡᠯᠴᠢᠳᠡᠭ | ᠃ ᠬᠦᠮᠦᠨ ᠬᠠᠷ᠎ᠠ ᠲᠤᠯᠤᠭᠠᠶᠢᠲᠠᠳ ᠤᠷᠴᠢᠨ ᠲᠤᠭᠤᠷᠢᠨ ᠳᠤ ᠨᠢ ᠨᠤᠲᠤᠭᠰᠢᠨ ᠰᠠᠭᠤᠭᠰᠠᠨ ᠢᠶᠠᠷ ᠠᠭᠤᠯᠨ ᠤᠰᠤ | ᠪᠠᠨ ᠦᠡᠭᠭᠡ ᠳᠦᠷᠰᠦ᠂ ᠦᠵᠡᠮᠵᠢ ᠤᠨᠴᠠᠯᠢᠭ ᠢᠶᠠᠷ ᠨᠢ ᠨᠡᠷᠡᠯᠡᠨ ᠬᠤᠯᠨ ᠳᠤ ᠶᠠᠪᠤᠬᠤ ᠲᠡᠮᠳᠡᠭ ᠬᠤᠵᠢᠮ ᠤᠨ | ᠬᠦᠮᠦᠨ ᠳᠤ ᠭᠡᠷᠡᠴᠢ ᠪᠤᠯᠭᠠᠪᠠ᠃ ᠡᠨᠡ ᠬᠦ ᠤᠰᠤᠨ ᠤ ᠡᠬᠢ ᠬᠦᠨᠳᠡᠢ ᠶᠢᠨ ᠨᠦᠮᠦᠷᠢ ᠪᠤᠯᠤᠭᠰᠠᠨ ᠭᠠᠵᠠᠷ ᠲᠤ | ᠤᠯᠢᠶᠠᠰᠤ ᠤᠷᠭᠤᠵᠤ ᠬᠤᠯᠨ ᠠᠴᠠ ᠬᠠᠷᠠᠭᠳᠠᠳᠠᠭ ᠠᠴᠠ ︽ᠤᠯᠢᠶᠠᠰᠤᠲᠠᠢ ᠶᠢᠨ ᠬᠦᠨᠳᠡᠢ︾ ᠭᠡᠵᠤ ᠤᠯᠠᠮᠵᠢᠯᠡᠨ | ᠳᠠᠭᠤᠳᠠᠭᠰᠠᠭᠠᠷ ᠦᠶ᠎ᠡ ᠤᠯᠠᠷᠢᠨ ᠬᠠᠳᠠᠩᠰᠢᠵᠡᠢ᠃ ᠬᠦᠮᠦᠰ ᠭᠠᠵᠠᠷ ᠤᠰᠤ ᠪᠠᠨ ᠦᠮᠴᠢᠷᠭᠡᠨ᠂ ᠰᠤᠨᠤᠰᠬᠤ ᠳᠤ | ᠠᠶᠠᠲᠠᠢ᠂ ᠳᠠᠭᠤᠳᠠᠬᠤ ᠳᠤ ᠰᠠᠶᠢᠬᠠᠨ ᠨᠡᠷ᠎ᠡ ᠶᠢ ᠬᠠᠶᠢᠷᠠᠯᠠᠵᠤ᠂ ᠦᠶ᠎ᠡ ᠬᠤᠶᠢᠴᠢᠰ ᠲᠤ ᠪᠠᠨ ᠬᠡᠰᠢᠭ ᠪᠤᠶᠠᠨ | ᠦᠯᠡᠳᠡᠭᠡᠵᠤ ᠦᠭᠭᠦᠭᠰᠡᠨ ᠨᠢ ᠬᠡᠴᠢᠨᠡᠭᠡᠨ ᠡᠷᠬᠢᠮ ᠠᠵᠢ᠃ | ᠨᠠᠮᠤᠷ᠂ ᠨᠠᠷᠠᠨ ᠤ ᠭᠡᠷᠡᠯ ᠬᠤᠷ᠎ᠠ ᠶᠢᠨ ᠰᠢᠮ᠎ᠡ ᠪᠠᠷ ᠣᠢ ᠮᠤᠳᠤᠨ ᠤ ᠬᠤᠶᠢᠴᠢᠰ ᠤᠯᠠᠰᠢᠷᠠᠵᠤ᠂ ᠦᠨᠳᠦᠷ | ᠦᠨᠳᠦᠷ ᠨᠢᠷᠤᠭᠤ ᠪᠤᠯᠤᠭᠰᠠᠨ ᠮᠤᠳᠤᠳ ᠨᠢ ᠪᠡᠯᠴᠢᠭᠡᠷ ᠢᠶᠠᠨ ᠬᠠᠯᠬᠠᠪᠴᠢᠯᠠᠵᠤ ᠬᠦᠷᠦᠰᠦ ᠪᠠᠨ ᠰᠠᠬᠢᠨ᠎ᠠ᠃ | ᠠᠭᠤᠯᠠᠨ ᠳᠤ ᠭᠦᠢᠯᠡᠰᠦ᠂ ᠠᠵᠢᠷᠭᠠᠨ᠎ᠠ᠂ ᠢᠯᠠᠮ᠎ᠠ ᠮᠡᠲᠤ ᠶᠢᠨ ᠤᠯᠠᠨ ᠤᠷᠭᠤᠮᠠᠯ ᠲᠠᠢ᠃ ᠵᠢᠮᠢᠰ ᠪᠤᠯᠪᠠᠰᠤᠷᠠᠬᠤ | ᠪᠤᠯᠤᠮᠠᠭᠴᠠ ᠳᠦᠷᠪᠡᠨ ᠵᠦᠭ ᠤᠨ ᠬᠦᠮᠦᠰ ᠬᠦᠷᠦᠯᠴᠡᠨ ᠢᠷᠡᠵᠤ᠂ ᠪᠤᠯᠪᠠᠰᠤᠷᠠᠭᠰᠠᠨ ᠵᠢᠮᠢᠰ ᠤᠨ ᠠᠩᠭᠢᠯᠤᠮ᠎ᠠ | ᠠᠮᠲᠠᠨ ᠳᠤ ᠨᠢ ᠰᠤᠭᠲᠤᠭᠤᠷᠠᠳᠠᠭ᠃ ᠲᠡᠷᠭᠡ ᠳᠠᠭᠠᠭᠠᠵᠤ ᠶᠠᠳᠠᠮ᠎ᠠ ᠭᠦᠢᠯᠡᠰᠤ ᠲᠡᠭᠦᠵᠤ᠂ ᠪᠠᠶᠢᠭᠠᠯᠢ ᠬᠤᠷᠸ᠎ᠠ ᠶᠢᠨ | ᠬᠡᠰᠢᠭ ᠲᠤ ᠠᠮᠢᠳᠤᠷᠠᠯ ᠤᠨ ᠲᠤᠯᠭ᠎ᠠ ᠪᠠᠨ ᠬᠦᠭᠵᠢᠭᠡᠵᠤ ᠦᠭᠡᠳᠡ ᠡᠰᠡᠷᠡᠭ ᠠᠵᠤ ᠲᠦᠷᠦᠳᠡᠭ᠃ | ᠠᠭᠤᠯᠨ ᠶᠢᠨ ᠬᠠᠵᠠᠭᠤ ᠪᠠᠷ ᠰᠢᠷ᠎ᠠ ᠨᠠᠪᠴᠢᠰ ᠪᠦᠷᠬᠦᠬᠦ ᠳᠤ ᠤᠯᠢᠶᠠᠰᠤ ᠴᠤ ᠴᠠᠭ ᠤᠨ ᠦᠡᠭᠭᠡ ᠪᠠᠷ ᠮᠦᠴᠢᠷ | ᠵᠤᠯᠭᠠᠷᠠᠵᠤ ᠴᠠᠷᠠᠰᠤᠨ ᠤ ᠭᠠᠷᠰᠤ ᠲᠡᠭᠦᠬᠦ ᠪᠠᠷ ᠢᠷᠡᠭᠰᠡᠳᠤᠯᠢᠶᠠᠰᠤᠲᠠᠢ ᠶᠢᠨ ᠬᠦᠨᠳᠡᠢ ᠳᠤ ᠬᠦᠯᠦᠰᠢ ᠤᠨᠤᠭ᠎ᠠ ᠪᠠᠨ | ᠠᠷᠭᠠᠮᠵᠢᠨ ᠴᠢᠳᠦᠷᠯᠡᠵᠤ ᠰᠠᠨᠠᠭ᠎ᠠ ᠲᠡᠨᠢᠭᠦᠨ ᠬᠦᠳᠡᠯᠮᠦᠷᠢᠯᠡᠨᠡ᠃ ᠬᠠᠶ᠋ᠨ ᠵᠠᠷᠢᠮ ᠨᠢ ᠤᠷᠲᠤ ᠶᠢᠨ ᠳᠠᠭᠤᠤ ᠪᠠᠨ | ᠠᠭᠤᠵᠢᠷᠠᠲᠠᠯ᠎ᠠ ᠬᠠᠨᠭ᠍ᠭᠢᠭᠤᠯᠵᠤ᠂ ᠬᠤᠯᠨ ᠶᠢᠨ ᠬᠤᠯᠨ ᠳᠤ ᠴᠤᠤᠷᠢᠶᠠᠯᠠᠨ ᠳᠠᠭᠤᠷᠢᠰᠴᠤ ᠠᠮᠢᠲᠠᠨ ᠤᠷᠭᠤᠮᠠᠯ ᠢ | ᠪᠠᠶᠠᠰᠬᠠᠨ᠎ᠠ᠃ ᠬᠤᠨᠭ᠍ᠭᠤᠷ ᠰᠠᠯᠬᠢᠨ ᠬᠠᠴᠠᠷ ᠢ ᠢᠯᠪᠢᠨ ᠦᠡᠭᠭᠡᠷᠡᠬᠦ ᠳᠤ ᠬᠠᠰᠠᠭ ᠲᠡᠷᠭᠡᠨ ᠳᠤ ᠰᠠᠭᠤᠭᠰᠠᠨ | ᠨᠠᠰᠤᠲᠠᠳ ᠠᠭᠤᠯᠨ ᠶᠢᠨ ᠪᠠᠷ᠎ᠠ ᠶᠢ ᠤᠶᠠᠩᠭᠠᠲᠠᠶᠢᠬᠠᠨ ᠰᠢᠷᠲᠡᠵᠤ ᠪᠤᠳᠤᠯ ᠤᠨ ᠤᠷᠴᠢᠯᠠᠩ ᠢᠶᠠᠷ ᠵᠤᠭᠠᠴᠠᠨ᠎ᠠ᠃ | ᠡᠪᠤᠯ᠂ ᠴᠠᠰᠤ ᠮᠦᠰᠦ ᠡᠬᠡ ᠭᠠᠵᠠᠷ ᠢ ᠪᠦᠷᠬᠦᠵᠤ᠂ ᠬᠠᠳᠠ ᠴᠢᠯᠠᠭᠤᠳ ᠮᠦᠡᠭᠭᠦᠨ ᠬᠤᠶᠠᠭ ᠬᠡᠳᠦᠷᠭᠦ ᠳᠤ | ᠤᠯᠢᠶᠠᠰᠤᠲᠠᠢ ᠶᠢᠨ ᠠᠭᠤᠯᠨ ᠴᠤ ᠡᠪᠤᠯ ᠤᠨ ᠨᠠᠷᠨ ᠶᠢ ᠤᠭᠲᠤᠨ ᠰᠡᠭᠦᠶᠢᠨᠡ᠃ ᠬᠠᠦᠬᠢᠬᠤ ᠰᠠᠯᠬᠢᠨ ᠳᠤ ᠮᠠᠯ ᠢᠶᠠᠨ | ᠬᠠᠷᠢᠭᠤᠯᠤᠭᠰᠠᠨ ᠬᠦᠮᠦᠰ ᠲᠤᠯᠠᠭᠠᠨ ᠨᠦᠮᠦᠷᠢ ᠳᠤ ᠨᠢ ᠰᠡᠳᠬᠢᠯ ᠲᠦᠭᠦᠷᠡᠩ ᠶᠠᠪᠤᠨ᠎ᠠ᠃ ᠦᠩᠭᠡᠷᠡᠭᠰᠡᠨ ᠤᠨ ᠵᠢᠯ | ᠤᠨ ᠬᠦᠨᠳᠤ ᠬᠡᠴᠡᠭᠦᠦ ᠪᠠᠶᠢᠭᠠᠯᠢ ᠶᠢᠨ ᠭᠠᠮᠰᠢᠭ ᠲᠤ ᠬᠡᠴᠢᠨᠡᠭᠡᠨ ᠬᠦᠮᠦᠰ ᠡᠪᠡᠰᠦ ᠪᠡᠯᠴᠢᠭᠡᠷ ᠢ ᠨᠢ ᠠᠰᠢᠭᠯᠠᠵᠤ | ᠶᠠᠪᠤᠭᠰᠠᠨ ᠢ ᠪᠤᠤ ᠮᠡᠳᠡ᠃ | ᠨᠤᠲᠤᠭ ᠤᠨ ᠠᠭᠤᠯᠨ ᠰᠠᠶᠢᠬᠠᠨ᠂ ᠨᠢᠷᠤᠭᠤ ᠪᠠᠨ ᠡᠭᠦᠷᠦᠭᠰᠡᠨ ᠤᠮᠤᠭᠯᠠᠩ ᠡᠵᠡᠨ ᠤ ᠰᠦᠷ ᠲᠠᠢ᠃ ᠴᠡᠩᠭᠡᠷ | ᠲᠡᠭᠷᠢ ᠶᠢᠨ ᠬᠠᠶᠠᠭᠠᠨ ᠠᠴᠠ ᠠᠳᠤᠭᠤᠳ ᠤᠨ ᠦᠦᠷᠰᠡᠭᠡᠨ ᠬᠠᠨᠭ᠍ᠭᠢᠨᠠᠵᠤ ᠠᠭᠤᠳᠠᠮ ᠲᠠᠯ᠎ᠠ ᠶᠢᠨ ᠬᠦᠪᠡᠭᠡᠨ ᠠᠴᠠ | ᠰᠦᠷᠦᠭ ᠤᠨ ᠪᠠᠷ᠎ᠠ ᠴᠠᠶᠢᠯᠵᠠᠨ᠎ᠠ᠃ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ᠄ ᠡ᠊ · ᠰᠠᠷᠠᠭᠤᠯ | | |