ᠣᠪᠣᠭ᠎ᠠ ᠶᠢᠨ ᠲᠣᠬᠠᠢ ︵ᠬᠤᠶᠠᠷ︶
ᠨᠡᠶᠢᠲᠡᠯᠡᠭᠰᠡᠨ ᠴᠠᠭ᠄
2015/8/14
          ᠵᠠᠮ ᠤᠨ ᠤᠪᠤᠭ᠎ᠠ            ᠮᠤᠩᠭᠤᠯ ᠤᠷᠤᠨ ᠳᠤ ᠬᠤᠯᠠ ᠤᠶᠢᠷ᠎ᠠ ᠶᠢᠨ ᠬᠦᠮᠦᠰ ᠤᠨ ᠠᠵᠠ ᠬᠡᠢ ᠮᠤᠷᠢ ᠶᠢ ᠬᠤᠷᠤᠶᠢᠯᠠᠭᠰᠠᠨ ᠪᠡᠯᠭᠡᠳᠡᠯ  ᠤᠨ ᠣᠳᠬ᠎ᠠ ᠰᠢᠨᠵᠢ ᠲᠠᠢ ᠵᠠᠮ ᠤᠨ ᠤᠪᠤᠭ᠎ᠠ ᠭᠡᠵᠤ ᠪᠤᠢ᠃ ᠵᠠᠮ ᠤᠨ ᠣᠪᠣᠭ᠎ᠠ ᠶᠢᠨ ᠬᠠᠵᠠᠭᠤ ᠪᠠᠷ ᠭᠠᠷᠬᠤ ᠬᠦᠮᠦᠰ ᠲᠡᠷᠭᠡ ᠤᠨᠤᠭ᠎ᠠ ᠠᠴᠠ ᠪᠠᠨ ᠪᠠᠭᠤᠵᠤ᠂ ᠴᠠᠭᠠᠨ ᠢᠳᠡᠭᠡᠨ ᠢᠶᠠᠨ ᠡᠷᠭᠦᠬᠦ ᠪᠤᠶᠤ ᠴᠢᠯᠠᠭᠤ ᠨᠡᠮᠡᠷᠢᠯᠡᠨ ᠰᠦᠵᠢᠭ ᠢᠶᠠᠨ ᠭᠦᠢᠴᠡᠳᠬᠡᠨ ᠠᠶᠠᠨ ᠵᠠᠮ ᠳᠤ ᠪᠠᠨ ᠪᠠᠷᠴᠢᠳ ᠰᠠᠭᠠᠳ ᠦᠯᠦ ᠲᠤᠬᠢᠶᠠᠯᠳᠤᠬᠤ ᠶᠢ ᠬᠦᠰᠡᠨ ᠵᠦᠩᠨᠡᠳᠡᠭ᠃
   
         ᠵᠠᠮ ᠤᠨ ᠤᠪᠤᠭ᠎ᠠ                    ᠠᠶᠢᠯ ᠠᠶᠢᠮᠠᠭ ᠤᠨ ᠤᠪᠤᠭ᠎ᠠ            ᠬᠡᠳᠦᠨ ᠠᠶᠢᠯ ᠪᠤᠶᠤ ᠬᠤᠳᠠ ᠤᠰᠤᠨ ᠤ ᠠᠭᠤᠯᠵᠠᠷ ᠲᠠᠬᠢ ᠦᠵᠡᠮᠵᠢ ᠲᠡᠭᠦᠰ ᠠᠭᠤᠯᠠ ᠲᠤᠪᠤᠴᠠᠭ᠂ ᠬᠤᠸᠠ   ᠶᠢᠨ ᠤᠷᠤᠢ᠂ ᠲᠡᠭᠰᠢ ᠨᠦᠮᠦᠷᠢ ᠭᠠᠵᠠᠷ ᠲᠤ ᠪᠤᠰᠬᠠᠭᠰᠠᠨ ᠠᠶᠢᠯ ᠠᠶᠢᠮᠠᠭ ᠤᠨ ᠤᠪᠤᠭ᠎ᠠ ᠭᠡᠵᠤ ᠪᠤᠢ᠃ ᠡᠨᠡ ᠬᠦ ᠤᠪᠤᠭ᠎ᠠ   ᠪᠠᠨ ᠬᠡᠳᠦᠨ ᠠᠶᠢᠯ ᠬᠤᠳᠠ ᠪᠠᠷ ᠢᠶᠠᠨ ᠵᠢᠯ ᠪᠦᠷᠢ ᠶᠢᠨ ᠤᠯᠠᠷᠢᠯ ᠤᠨ ᠰᠠᠶᠢᠬᠠᠨ ᠳᠤ ᠲᠠᠬᠢᠵᠤ ᠠᠯᠢᠪᠠ ᠰᠠᠶᠢᠨ ᠰᠠᠶᠢᠬᠠᠨ ᠢ ᠬᠦᠰᠡᠨ ᠲᠠᠭᠠᠳᠬᠠᠳᠠᠭ᠃            
     
         ᠠᠶᠢᠯ ᠠᠶᠢᠮᠠᠭ ᠤᠨ ᠤᠪᠤᠭ᠎ᠠ                    ᠤᠨᠴᠠᠭᠠᠢ ᠤᠪᠤᠭ᠎ᠠ          ᠮᠤᠩᠭᠤᠯ ᠤᠷᠤᠨ ᠳᠤ ᠤᠨᠴᠠᠭᠠᠢ ᠠᠭᠤᠯᠠ ᠪᠤᠶᠤ ᠶᠠᠮᠠᠷ ᠨᠢᠭᠡᠨ ᠰᠦᠵᠢᠭ ᠪᠢᠰᠢᠷᠡᠯ ᠲᠠᠢ ᠠᠭᠤᠯᠠ ᠲᠤᠪᠤᠴᠠᠭ  ᠤᠨ  ᠤᠷᠤᠢ ᠳᠤ ᠤᠪᠤᠭ᠎ᠠ ᠪᠤᠰᠬᠠᠵᠤ᠂ ᠬᠡᠳᠦᠨ ᠠᠶᠢᠯ ᠬᠤᠳᠠ᠂ ᠪᠢᠷ᠎ᠠ ᠲᠦᠬᠦᠮ ᠤᠨ ᠤᠳᠤᠭ ᠪᠠᠭᠤᠴᠠ ᠪᠠᠷ  ᠢᠶᠠᠨ ᠲᠤᠭᠳᠠᠭᠰᠠᠨ ᠴᠠᠭ ᠬᠤᠭᠤᠴᠠᠭ᠎ᠠ ᠲᠠᠢ ᠲᠠᠬᠢᠵᠤ᠂ ᠠᠳᠠᠯ ᠤᠨᠳᠤᠷᠤᠯᠭ᠎ᠠ᠂ ᠠᠯᠢᠪᠠ ᠪᠦᠬᠦᠨ ᠠᠮᠤᠷ ᠲᠠᠶᠢᠪᠤᠩ᠂ ᠬᠡᠢ  ᠮᠤᠷᠢ ᠲᠠᠢ ᠶᠠᠪᠤᠬᠤ ᠶᠢ ᠵᠦᠩᠨᠡᠨ ᠪᠡᠯᠭᠡᠳᠡᠳᠡᠭ᠃    
       
         ᠤᠨᠴᠠᠭᠠᠢ ᠤᠪᠤᠭ᠎ᠠ                        ᠯᠠᠮᠠ ᠶᠢᠨ ᠤᠪᠤᠭ᠎ᠠ           ᠰᠦᠮ᠎ᠡ ᠬᠡᠶᠢᠳ ᠤᠨ ᠬᠠᠪᠢ ᠪᠤᠶᠤ ᠭᠤᠷᠯᠤᠮ ᠬᠦᠷᠢᠶᠡᠨ ᠳᠤ ᠨᠢ ᠪᠤᠰᠬᠠᠭᠰᠠᠨ ᠲᠠᠬᠢᠯᠭ᠎ᠠ ᠶᠢᠨ ᠤᠪᠤᠭ᠎ᠠ ᠪᠤᠢ᠃  ᠯᠠᠮᠠ ᠨᠠᠷ ᠶᠠᠮᠠᠷ ᠨᠢᠭᠡᠨ ᠴᠠᠭ ᠤᠯᠠᠷᠢᠯ ᠳᠤ ᠤᠪᠤᠭ᠎ᠠ ᠪᠠᠨ ᠲᠠᠬᠢᠵᠤ᠂ ᠶᠠᠮᠠᠷ ᠨᠢᠭᠡᠨ ᠤᠴᠢᠷ ᠶᠠᠪᠤᠳᠠᠯ ᠢᠶᠠᠷ ᠤᠪᠤᠭ᠎ᠠ  ᠲᠠᠬᠢᠬᠤ ᠠᠵᠢᠯᠯᠠᠭ᠎ᠠ ᠬᠢᠳᠡᠭ᠃ ᠡᠭᠦᠨ ᠢ ᠬᠦᠮᠦᠰ ᠯᠠᠮᠠ ᠶᠢᠨ ᠤᠪᠤᠭ᠎ᠠ ᠭᠡᠳᠡᠭ᠃          
       
       ᠯᠠᠮᠠ ᠶᠢᠨ ᠤᠪᠤᠭ᠎ᠠ       ᠵᠤᠬᠢᠶᠠᠭᠴᠢ᠄ ᠨᠠ᠊ · ᠵᠢᠷᠭᠠᠯ     ᠨᠠᠶᠢᠷᠠᠭᠤᠯᠤᠭᠴᠢ᠄  ᠴ᠊ · ᠰᠠᠷᠠᠭᠤᠯ
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号