| | ᠯᠣᠤᠰ ᠤᠨ ᠤᠪᠤᠭ᠎ᠠ | | ᠨᠠᠭᠤᠷ ᠪᠦᠷᠢᠳᠦ᠂ ᠭᠤᠤᠯ ᠭᠤᠷᠤᠬ᠎ᠠ᠂ ᠭᠤᠤᠯ ᠤᠰᠤ ᠶᠢ ᠲᠠᠬᠢᠬᠤ ᠪᠠᠷ ᠪᠤᠰᠬᠠᠭᠰᠠᠨ ᠣᠪᠣᠭ᠎ᠠ ᠶᠢ | ᠬᠡᠯᠡᠳᠡᠭ᠃ ᠵᠢᠯ ᠪᠦᠷᠢ ᠶᠢᠨ ᠤᠯᠠᠷᠢᠯ ᠤᠨ ᠰᠠᠶᠢᠬᠠᠨ ᠳᠤ ᠯᠣᠤᠰ ᠤᠨ ᠤᠪᠤᠭ᠎ᠠ ᠶᠢ ᠲᠠᠬᠢᠵᠤ᠂ ᠨᠠᠶᠢᠷ ᠴᠤᠭᠯᠠᠭᠠᠨ | ᠡᠷᠬᠢᠯᠡᠵᠤ ᠬᠦᠭᠡᠷᠦᠯᠳᠦᠨ ᠪᠠᠶᠠᠰᠴᠤ᠂ ᠬᠤᠷᠠᠤᠰᠤ ᠲᠡᠭᠰᠢ ᠢᠪᠡᠭᠡᠬᠦ ᠶᠢ ᠡᠬᠡ ᠭᠠᠵᠠᠷ ᠲᠤ ᠪᠠᠨ ᠲᠠᠭᠠᠳᠬᠠᠨ | ᠪᠠᠶᠠᠰᠳᠠᠭ ᠶᠤᠮ᠃ | | | ᠯᠣᠤᠰ ᠤᠨ ᠤᠪᠤᠭ᠎ᠠ | | ᠭᠡᠷ ᠤᠨ ᠣᠪᠣᠭ᠎ᠠ | | ᠮᠤᠩᠭᠤᠯᠴᠤᠳ ᠣᠤᠯ ᠠᠴᠠ ᠪᠠᠨ ᠭᠡᠷ ᠪᠦᠯᠢ ᠶᠢᠨ ᠦᠭᠡᠳᠡ ᠡᠰᠡᠷᠡᠭ᠂ ᠪᠠᠶᠠᠨ ᠲᠠᠩᠰᠤᠭ᠂ ᠬᠡᠢ ᠮᠤᠷᠢ | ᠵᠢᠪᠬᠤᠭ᠎ᠠ ᠲᠠᠢ ᠶᠠᠪᠤᠬᠤ ᠶᠢ ᠪᠡᠯᠭᠡᠳᠡᠨ ᠣᠪᠣᠭ᠎ᠠ ᠪᠤᠰᠬᠠᠨ ᠲᠠᠬᠢᠳᠠᠭ ᠴᠦ ᠪᠤᠢ᠃ | | | ᠭᠡᠷ ᠤᠨ ᠣᠪᠣᠭ᠎ᠠ | | ᠲᠤᠷᠠᠰᠬᠠᠯ ᠤᠨᠣᠪᠣᠭᠠ | | ᠶᠠᠮᠠᠷ ᠨᠢᠭᠡᠨ ᠤᠴᠢᠷ ᠣᠳᠬ᠎ᠠ ᠲᠠᠢ ᠬᠡᠷᠡᠭ ᠤᠴᠢᠷ᠂ ᠬᠦᠮᠦᠨ ᠢ ᠲᠤᠷᠠᠰᠬᠠᠬᠤ ᠪᠠᠷ ᠪᠤᠰᠬᠠᠭᠰᠠᠨ ᠣᠪᠣᠭ᠎ᠠ | ᠶᠢ ᠬᠡᠯᠡᠳᠡᠭ᠃ ᠠᠷᠤ ᠬᠤᠷᠴᠢᠨ ᠳᠤ ᠭᠠᠨᠵᠣᠤᠷ ᠣᠪᠣᠭ᠎ᠠ᠂ ᠰᠠᠩᠵᠠᠢ ᠣᠪᠣᠭ᠎ᠠ ᠁ ᠮᠡᠳᠦ ᠶᠢᠨ ᠣᠪᠣᠭ᠎ᠠ ᠪᠤᠢ | ᠃ | | | ᠲᠤᠷᠠᠰᠬᠠᠯ ᠤᠨ ᠣᠪᠣᠭ᠎ᠠ | | ᠭᠠᠵᠠᠷ ᠤᠰᠤᠨ ᠤ ᠲᠠᠷᠤᠯᠭ᠎ᠠ ᠶᠢᠨ ᠣᠪᠣᠭ᠎ᠠ | | ᠶᠠᠮᠠᠷ ᠨᠢᠭᠡᠨ ᠭᠠᠵᠠᠷ ᠨᠤᠳᠤᠭ ᠤᠨ ᠲᠣᠭᠰᠢᠨ ᠬᠢᠯᠢᠩ᠂ ᠬᠦᠮᠦᠨ ᠠᠮᠢᠳᠠᠨ ᠳᠤ ᠤᠴᠠᠷᠠᠭᠤᠯᠬᠤ ᠬᠤᠤᠷ | ᠬᠦᠨᠦᠭᠡᠯ ᠢ ᠲᠠᠷᠤᠩᠭᠤᠶᠢᠯᠠᠬᠤ ᠶᠢᠨ ᠲᠦᠯᠦᠭᠡ ᠪᠤᠰᠬᠠᠭᠰᠠᠨ ᠣᠪᠣᠭ᠎ᠠ ᠶᠢ ᠬᠡᠯᠡᠳᠡᠭ ᠶᠤᠮ᠃ | | | ᠭᠠᠵᠠᠷ ᠤᠰᠤᠨ ᠤ ᠲᠠᠷᠤᠯᠭ᠎ᠠ ᠶᠢᠨ ᠣᠪᠣᠭ᠎ᠠ | | ᠭᠡᠷᠡᠴᠢ ᠶᠢᠨ ᠤᠪᠤᠭ᠎ᠠ | | ᠮᠤᠩᠭᠤᠯᠴᠤᠳ ᠦᠩᠭᠡᠷᠡᠭᠰᠡᠨ ᠳᠤ ᠬᠤᠰᠢᠭᠤᠨ ᠬᠢᠵᠠᠭᠠᠷ᠂ ᠬᠡᠳᠦᠨ ᠬᠤᠰᠢᠭᠤ ᠰᠣᠮᠤᠨ ᠤ ᠬᠢᠯᠢ ᠨᠡᠶᠢᠯᠡᠭᠰᠡᠨ | ᠭᠠᠵᠠᠷ ᠪᠤᠰᠬᠠᠭᠰᠠᠨ ᠣᠪᠣᠭ᠎ᠠ ᠶᠢ ᠬᠡᠯᠡᠳᠡᠭ᠃ ᠤᠪᠤᠭ᠎ᠠ ᠶᠢᠨ ᠤᠶᠢᠷ᠎ᠠ ᠬᠠᠪᠢ ᠶᠢᠨ ᠬᠦᠮᠦᠰ᠂ ᠬᠡᠳᠦᠨ ᠬᠤᠰᠢᠭᠤ | ᠰᠤᠮᠤᠨ ᠤ ᠬᠢᠨ ᠵᠢᠯ ᠪᠦᠷᠢ ᠤᠪᠤᠭ᠎ᠠ ᠪᠠᠨ ᠲᠠᠬᠢᠵᠤ᠂ ᠰᠦᠵᠢᠭ ᠪᠢᠰᠢᠷᠡᠯ ᠢᠶᠠᠨ ᠭᠦᠢᠴᠡᠳᠬᠡᠵᠤ᠂ ᠵᠠᠭᠠᠭ ᠬᠢᠯᠢ ᠪᠠᠨ | ᠲᠤᠳᠤ ᠠᠩᠬᠠᠷᠴᠤ ᠶᠠᠪᠤᠳᠠᠭ᠃ ᠬᠤᠯᠠ ᠤᠶᠢᠷ᠎ᠠ ᠶᠢᠨ ᠠᠶᠠᠨᠴᠢᠳ᠂ ᠵᠠᠮ ᠦᠩᠭᠡᠷᠡᠬᠦ ᠳᠤ ᠪᠠᠨ ᠰᠦ ᠰᠠᠭᠠᠯᠢ | ᠡᠷᠭᠦᠵᠤ᠂ ᠠᠯᠢᠪᠠ ᠪᠦᠬᠦᠨ ᠪᠦᠷᠢᠨ ᠪᠦᠳᠦᠨ ᠢ ᠪᠡᠯᠭᠡᠳᠡᠨ ᠵᠦᠩᠨᠡᠳᠡᠭ ᠶᠤᠰᠤ ᠵᠠᠩᠰᠢᠯ ᠲᠠᠢ ᠪᠢᠯᠡ᠃ | | | ᠭᠡᠷᠡᠴᠢ ᠶᠢᠨ ᠤᠪᠤᠭ᠎ᠠ | | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠤᠭᠴᠢ᠄ ᠴ᠊ · ᠰᠠᠷᠠᠭᠤᠯ | | |