ᠮᠢᠨᠤ ᠨᠤᠳᠤᠭ ᠤᠨ ᠤᠲᠤᠷ ᠨᠡᠭᠦᠳᠡᠯ ᠤᠨ ᠠᠭᠤᠯᠨ ᠤᠰᠤ ︵ᠳᠦᠷᠪᠡ︶
ᠨᠡᠶᠢᠲᠡᠯᠡᠭᠰᠡᠨ ᠴᠠᠭ᠄
2015/8/15
          ᠲᠤᠭᠤᠷᠢᠭᠳᠤ ᠶᠢᠨ ᠣᠷᠣᠢ      ᠬᠠᠭᠠᠯᠭ᠎ᠠ ᠬᠠᠳᠠ ᠶᠢᠨ ᠵᠡᠭᠦᠨ ᠤᠷᠤᠢ ᠶᠢ ᠵᠢᠭᠠᠳᠠᠭ᠃ ᠡᠨᠡ ᠬᠦ ᠤᠷᠤᠢ ᠶᠢ ᠬᠤᠯᠨ ᠠᠴᠠ ᠠᠵᠢᠭᠯᠠᠪᠠᠯ ᠲᠤᠭᠤᠷᠢᠭ ᠰᠢᠭ᠋ ᠪᠦᠮᠪᠦᠶᠢᠭᠰᠡᠨ ᠬᠡᠯᠪᠡᠷᠢ ᠲᠠᠢ ᠪᠣᠯᠬᠤᠷ ︽ᠲᠤᠭᠤᠷᠢᠭᠳᠣ ᠤᠷᠤᠢ︾ ᠭᠡᠰᠡᠨ ᠭᠡᠨ᠎ᠡ᠃      ᠠᠭᠤᠯᠨ ᠶᠢᠨ ᠬᠠᠪᠢ ᠳᠤ ᠬᠠᠷᠭᠠᠨ᠎ᠠ᠂ ᠲᠡᠯᠳᠦ ᠵᠡᠷᠭᠡ ᠤᠢ ᠤᠷᠭᠤᠮᠠᠯ ᠲᠠᠢ ᠪᠠᠷ ᠪᠠᠷᠠᠬᠤ ᠦᠭᠡᠢ ᠣᠯᠠᠭᠠᠨ᠎ᠠ ᠂ ᠠᠵᠢᠷᠭᠠᠨ᠎ᠠ ᠴᠤ ᠡᠯᠪᠡᠭ ᠣᠷᠭᠤᠵᠤ᠂ ᠵᠦᠢᠯ ᠤᠨ ᠤᠷᠭᠤᠮᠠᠯ ᠰᠠᠯᠠᠭ᠎ᠠ ᠨᠠᠮᠠᠭ᠎ᠠ ᠬᠤᠯᠪᠤᠯᠳᠤᠨ ᠬᠤᠪᠤᠷᠬᠠᠨ ᠦᠵᠡᠮᠵᠢ ᠲᠠᠢ᠂ ᠠᠩᠬᠠᠨ ᠠᠴᠠ ᠪᠠᠨ ᠮᠠᠯ ᠰᠦᠷᠦᠭ ᠤᠨ ᠤᠳᠤᠷ ᠪᠡᠯᠴᠢᠭᠡᠷ ᠪᠢᠯᠨ᠃ ᠵᠡᠭᠦᠨ ᠲᠠᠯ᠎ᠠ ᠳᠤ ᠨᠢ ᠪᠠᠶᠢᠷᠢᠯᠠᠭᠰᠠᠨ ᠡᠭᠡᠭᠡ ᠠᠳᠠᠯᠢᠬᠠᠨ ᠵᠡᠷᠭᠡᠴᠡᠨ ᠬᠠᠷᠠᠭᠳᠠᠬᠤ ᠤᠷᠤᠢ ᠶᠢ ᠨᠢ ᠵᠡᠭᠦᠨ ᠲᠤᠭᠤᠷᠢᠭᠳᠦ ᠭᠡᠳᠡᠭ᠃           ᠬᠦᠮᠡᠯᠢ ᠶᠢᠨ ᠭᠤᠤ      ᠲᠤᠭᠤᠷᠢᠭᠲᠦ ᠶᠢᠨ ᠤᠷᠤᠢ ᠶᠢᠨ ᠵᠡᠭᠦᠨ ᠬᠤᠶᠢᠲᠦ ᠬᠦᠨᠳᠡᠢ ᠶᠢ ᠬᠦᠮᠡᠯᠢ ᠶᠢᠨ ᠭᠤᠤ ᠭᠡᠳᠡᠭ᠃ ᠠᠩᠬ᠎ᠠ ᠡᠷᠲᠡ ᠳᠤ ᠪᠠᠨ ᠬᠦᠮᠡᠯᠢ ᠡᠯᠪᠡᠭ ᠵᠤᠵᠠᠭᠠᠨ ᠤᠷᠭᠤᠳᠠᠭ ᠢᠶᠠᠷ ᠨᠢ ᠡᠶᠢᠨ ᠬᠦ ᠨᠡᠷᠡᠯᠡᠪᠡ ᠭᠡᠵᠦ ᠡᠪᠦᠭᠡᠳ ᠨᠠᠰᠤᠲᠠᠳ ᠬᠠᠭᠤᠴᠢᠯᠠᠳᠠᠭ ᠶᠤᠮ᠃      ᠬᠦᠮᠡᠯᠢ ᠶᠢᠨ ᠭᠤᠤ ᠳᠤ ᠡᠪᠡᠰᠦ ᠪᠡᠯᠴᠢᠭᠡᠷ ᠰᠢᠮᠡᠯᠢᠭ᠂ ᠬᠠᠷᠭᠠᠨ᠎ᠠ᠂ ᠰᠢᠪᠠᠭ᠂ ᠳᠡᠯᠲᠦ ᠁ ᠮᠡᠲᠦ ᠶᠢᠨ ᠤᠢ ᠤᠷᠭᠤᠮᠠᠯ ᠵᠤᠵᠠᠭᠠᠨ ᠤᠷᠭᠤᠳᠠᠭ ᠢᠶᠠᠷ ᠢᠶᠠᠨ ᠮᠠᠯ ᠰᠦᠷᠦᠭ ᠤᠨ ᠰᠢᠮ᠎ᠡ ᠲᠠᠢ ᠪᠡᠯᠴᠢᠭᠡᠷ ᠶᠤᠮ᠃      ᠨᠤᠲᠤᠭ ᠤᠨ ᠬᠦᠮᠦᠰ ᠮᠠᠨᠢ ᠬᠦᠮᠡᠯᠢ ᠶᠢᠨ ᠭᠤᠤ ᠳᠤ ᠮᠠᠯ ᠰᠦᠷᠦᠭ ᠢᠶᠠᠨ ᠬᠠᠷᠢᠭᠤᠯᠵᠤ᠂ ᠬᠠᠪᠤᠷ ᠨᠠᠮᠤᠷ ᠲᠤ  ᠪᠠᠨ ᠨᠡᠭᠦᠳᠡᠯᠯᠡᠨ ᠮᠠᠯᠵᠢᠵᠤ᠂ ᠳᠤᠯᠠᠭᠠᠨ ᠨᠦᠮᠦᠷᠢ ᠬᠦᠨᠳᠡᠢ ᠳᠤ ᠨᠢ ᠰᠠᠯᠬᠢ ᠵᠤᠳ ᠢ ᠰᠠᠨᠠᠭ᠎ᠠ ᠠᠮᠤᠷ ᠦᠩᠭᠡᠷᠡᠭᠦᠯᠳᠡᠭ ᠪᠢᠯᠡ᠃      ᠬᠦᠮᠡᠯᠢ ᠶᠢᠨ ᠭᠤᠤ ᠳᠤ ᠮᠠᠯ ᠰᠦᠷᠦᠭ ᠵᠤᠵᠠᠭᠠᠨ ᠪᠡᠯᠴᠢᠳᠡᠭ ᠢᠶᠠᠷ ᠤᠶᠢᠷ᠎ᠠ ᠬᠠᠪᠢ ᠶᠢᠨ ᠬᠦᠮᠦᠰ ᠠᠷᠭᠠᠯ ᠲᠦᠯᠡᠰᠢ ᠲᠡᠭᠦᠵᠦ᠂ ᠦᠪᠡᠷ ᠤᠨ ᠰᠢᠲᠠᠭᠠᠯᠭ᠎ᠠ ᠪᠠᠨ ᠡᠯᠪᠡᠭ ᠪᠡᠯᠡᠳᠬᠡᠳᠡᠭ᠃            ᠰᠤᠪᠣᠷᠭ᠎ᠠ ᠶᠢᠨ ᠲᠠᠪᠠᠭ᠎ᠠ      ᠲᠤᠭᠤᠷᠢᠭᠳᠤ ᠤᠷᠤᠢ ᠶᠢᠨ ᠵᠡᠭᠦᠨ ᠲᠠᠯ᠎ᠠ ᠳᠤ ᠪᠠᠶᠢᠭ᠎ᠠ ᠠᠭᠤᠯᠨ ᠬᠦᠳᠦᠯ ᠢ ᠬᠤᠯᠪᠣᠭᠰᠠᠨ ᠲᠠᠪᠠᠭ᠎ᠠ ᠶᠢ ᠵᠢᠭᠠᠵᠣ ᠪᠠᠶᠢᠳᠠᠭ᠃ ᠡᠨᠡ ᠬᠦ ᠲᠠᠪᠠᠭ᠎ᠠ ᠨᠢ ᠵᠡᠭᠦᠨ ᠪᠠᠷᠠᠭᠤᠨ ᠠᠶᠢᠯ ᠬᠤᠳᠠ ᠶᠢ ᠬᠤᠯᠪᠣᠵᠣ ᠪᠤᠢ᠃ ᠲᠠᠪᠠᠭ᠎ᠠ ᠨᠢ ᠬᠡᠳᠦᠶᠢᠪᠡᠷ ᠪᠡᠷᠬᠡ ᠪᠠᠷᠳᠠᠭ᠎ᠠ ᠪᠠᠭ᠎ᠠ ᠴᠦ ᠵᠠᠮ ᠬᠠᠷᠢᠯᠴᠠᠭ᠎ᠠ ᠶᠢᠨ ᠪᠣᠭᠤᠮᠳᠠ ᠶᠤᠮ᠃      ᠡᠨ᠋ᠨ ᠬᠠᠪᠢ ᠶᠢᠨ ᠬᠦᠨᠳᠡᠢ ᠬᠦᠳᠦᠯ ᠢᠶᠠᠷ ᠭᠤᠣᠯᠳᠠᠭᠤ ᠬᠠᠷᠭᠠᠨ᠎ᠠ᠂ ᠴᠠᠷᠠᠰᠤ᠂ ᠲᠡᠯᠳᠦ᠂ ᠬᠠᠶᠢᠯᠠᠰᠤ ᠵᠡᠷᠭᠡ ᠤᠢ ᠤᠷᠭᠤᠮᠠᠯ ᠡᠯᠪᠡᠭ ᠪᠠᠶᠢᠳᠠᠭ᠃ ᠡᠨᠡ ᠬᠠᠪᠢ ᠪᠠᠷ ᠭᠦᠢᠯᠡᠰᠦ᠂ ᠤᠯᠠᠭᠠᠨ᠎ᠠ ᠮᠡᠳᠦ ᠶᠢᠨ ᠭᠡᠬᠡᠷ᠎ᠡ ᠶᠢᠨ ᠵᠢᠮᠢᠰ ᠤᠷᠭᠤᠵᠤ᠂ ᠮᠠᠯᠴᠢᠳ ᠤᠨ ᠮᠠᠯ ᠰᠦᠷᠦᠭ ᠢᠶᠠᠨ ᠬᠠᠷᠢᠭᠤᠯᠤᠨ ᠦᠰᠭᠡᠬᠦ ᠲᠦᠷᠪᠡᠨ ᠣᠯᠠᠷᠢᠯ ᠤᠨ ᠰᠢᠮᠡᠯᠢᠭ ᠪᠡᠯᠴᠢᠭᠡᠷ ᠶᠤᠮ᠃      ᠬᠦᠮᠦᠰ ᠰᠤᠪᠤᠷᠭ᠎ᠠ ᠶᠢᠨ ᠳᠠᠪᠠᠭ᠎ᠠ ᠶᠢᠨ ᠦᠯᠢᠭᠡᠷ ᠳᠤᠮᠤᠭ ᠢ ᠬᠦᠤᠷᠨᠢᠯᠳᠦᠵᠦ᠂ ᠤᠷᠢᠳᠦ ᠶᠢᠨ ᠲᠡᠤᠬᠡ ᠶᠢ ᠡᠷᠭᠢᠴᠡᠭᠦᠯᠦᠨ ᠶᠠᠷᠢᠵᠤ᠂ ᠨᠤᠲᠤᠭ ᠤᠨ ᠰᠠᠶᠢᠬᠠᠨ ᠳᠤ ᠰᠡᠳᠬᠢᠯ  ᠪᠠᠶᠠᠰᠴᠣ᠂ ᠮᠠᠯ ᠰᠦᠷᠦᠭ ᠢᠶᠠᠨ ᠦᠨᠢᠷ ᠦᠰᠭᠡᠨ ᠨᠠᠷᠭᠢᠳᠠᠭ᠃             ᠵᠤᠬᠢᠶᠠᠭᠴᠢ᠄ ᠨᠠ᠊ · ᠵᠢᠷᠭᠠᠯ   ᠨᠠᠶᠢᠷᠠᠭᠤᠯᠣᠭᠴᠢ᠄ ᠡ᠊ · ᠰᠠᠷᠠᠭᠤᠯ
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号