ᠤᠷᠭᠤᠮᠠᠯ ᠤᠨ ᠤᠷᠤᠢ | ᠤᠷᠭᠤᠮᠠᠯ ᠤᠨ ᠤᠷᠤᠢ ᠭᠡᠭᠴᠢ ᠪᠤᠰᠤᠳ ᠠᠭᠤᠯᠠᠰ ᠲᠠᠢ ᠪᠠᠨ ᠠᠳᠠᠯᠢᠳᠬᠠᠪᠠᠯ ᠮᠤᠳᠤ ᠰᠢᠭᠤᠢ ᠨᠢ ᠢᠭ᠌ᠴᠢ | ᠪᠢᠲᠡᠭᠦᠦ ᠪᠢᠰᠢ᠂ ᠪᠡᠷᠬᠡ ᠪᠠᠷᠳᠠᠭ᠎ᠠ ᠨᠢ ᠪᠠᠭ᠎ᠠ ᠴᠦ ᠬᠦᠮᠦᠰ ᠤᠨ ᠮᠠᠯ ᠰᠦᠷᠦᠭ ᠢᠶᠠᠨ ᠬᠠᠷᠢᠭᠤᠯᠬᠤ ᠰᠠᠶᠢᠬᠠᠨ | ᠪᠡᠯᠴᠢᠭᠡᠷ ᠪᠤᠯᠤᠨ᠎ᠠ᠃ | ᠠᠩᠬ᠎ᠠ ᠡᠷᠲᠡ ᠠᠴᠠ ᠪᠠᠨ ᠤᠷᠭᠤᠮᠠᠯ ᠤᠨ ᠤᠷᠤᠢ ᠶᠢᠨ ᠮᠤᠳᠤ ᠰᠢᠭᠤᠢ ᠶᠢ ᠰᠦᠢᠳᠬᠡᠬᠦ᠂ ᠬᠠᠮᠢᠶ᠎ᠠ ᠨᠠᠮᠢᠶ᠎ᠠ | ᠦᠭᠡᠢ ᠤᠭᠲᠤᠯᠤᠨ ᠴᠠᠪᠴᠢᠬᠤ ᠶᠢ ᠲᠠᠰᠣ ᠴᠡᠭᠡᠷᠯᠡᠨ᠎ᠡ᠃ ᠤᠷᠭᠤᠮᠠᠯ ᠤᠨ ᠤᠷᠤᠢ ᠶᠢᠨ ᠰᠢᠪᠳᠠᠭ ᠨᠢ ᠳᠡᠭᠦᠵᠢᠩ | ᠪᠢᠯᠠᠭᠤ ᠰᠤᠶᠢᠷᠠᠵᠤ᠂ ᠴᠠᠭᠠᠨ ᠨᠤᠬᠠᠢ ᠳᠠᠭᠠᠭᠤᠯᠤᠭᠰᠠᠨ ᠭᠡᠳᠡᠭ᠃ ᠬᠡᠨ ᠬᠦᠮᠦᠨ ᠮᠤᠳᠤ ᠰᠢᠭᠤᠢ ᠶᠢ ᠨᠢ | ᠰᠦᠢᠳᠬᠡᠪᠡᠯ ᠳᠡᠭᠦᠵᠢᠩ ᠪᠢᠯᠠᠭᠤ ᠶᠢᠨ ᠠᠮᠲᠠ᠂ ᠴᠠᠭᠠᠨ ᠨᠤᠬᠠᠢ ᠶᠢᠨ ᠬᠢᠨᠢ ᠵᠠᠭᠤᠳᠠᠭ ᠢ ᠦᠵᠡᠨ᠎ᠡ ᠭᠡᠨ᠎ᠡ᠃ | ᠬᠦᠮᠦᠰ ᠠᠩᠬ᠎ᠠ ᠤᠷᠢᠳᠦ ᠠᠴᠠ ᠪᠠᠨ ᠤᠷᠭᠤᠮᠠᠯ ᠤᠨ ᠤᠷᠤᠢ ᠶᠢᠨ ᠡᠪᠡᠰᠦ ᠪᠡᠯᠴᠢᠭᠡᠷ ᠢ ᠲᠠᠪᠠ ᠪᠠᠷ ᠢᠶᠠᠨ | ᠰᠦᠢᠳᠬᠡᠬᠦ ᠦᠭᠡᠢ᠂ ᠮᠠᠯ ᠰᠦᠷᠦᠭ ᠢᠶᠠᠨ ᠬᠠᠷᠢᠭᠤᠯᠤᠨ ᠳᠦᠷᠪᠡᠨ ᠤᠯᠠᠷᠢᠯ ᠢ ᠲᠤᠭᠤᠯᠵᠤ ᠢᠷᠡᠪᠡ᠃ | | ᠪᠢᠯᠠᠩ ᠤᠨ ᠱᠤᠷᠤᠩ | ᠲᠦᠭᠦᠷᠢᠭ ᠬᠠᠶᠢᠯᠠᠰᠤ ᠶᠢᠨ ᠵᠡᠭᠦᠨ ᠲᠠᠯ᠎ᠠ ᠳᠤ ᠪᠠᠶᠢᠭ᠎ᠠ ᠠᠭᠤᠯᠠ ᠶᠢ ᠪᠢᠯᠠᠩ ᠤᠨ ᠱᠤᠷᠤᠩ ᠭᠡᠳᠡᠭ᠃ | ᠠᠭᠤᠯᠠ ᠶᠢᠨ ᠪᠠᠶᠢᠷᠢᠰᠢᠯ ᠨᠢ ᠡᠳᠡᠭᠡᠳ ᠰᠤᠨᠢᠨ᠂ ᠠᠯᠤᠰ ᠠᠴᠠ ᠬᠠᠷᠠᠬᠤ ᠳᠤ ᠶᠠᠭ ᠯᠠ ᠪᠢᠯᠠᠩ ᠲᠠᠬᠢᠯ ᠤᠨ ᠬᠡᠯᠪᠡᠷᠢ | ᠲᠠᠢ ᠪᠤᠯᠬᠤᠷ ᠡᠶᠢᠨᠬᠦ ᠨᠡᠷᠡᠯᠡᠯ᠎ᠡ ᠭᠡᠵᠤ ᠨᠠᠰᠤᠳᠠᠳ ᠬᠡᠯᠡᠳᠡᠭ᠃ | ᠪᠢᠯᠠᠩ ᠤᠨ ᠱᠤᠷᠤᠩ ᠳᠤ ᠬᠠᠷᠭᠠᠨ᠎ᠠ᠂ ᠴᠠᠷᠠᠰᠤ᠂ ᠬᠠᠶᠢᠯᠠᠰᠤ᠂ ᠶᠠᠰᠢᠯ᠂ ᠲᠡᠯᠳᠤ᠂ ᠰᠢᠭᠡᠪᠦᠷ᠂ ᠬᠠᠷᠠᠪᠤᠷ᠂ | ᠰᠢᠪᠠᠭ ᠵᠡᠷᠭᠡ ᠤᠢ ᠮᠤᠳᠤ ᠲᠠᠢ ᠪᠦᠭᠡᠳ ᠬᠢᠶᠠᠭ᠂ ᠲᠤᠭᠤᠯ᠂ ᠤᠯᠤᠰᠤ᠂ ᠴᠢᠨ᠋ᠸ᠎ᠠ ᠶᠢᠨ ᠬᠠᠯᠳᠠᠷ ᠮᠡᠳᠤ ᠶᠢᠨ ᠡᠪᠡᠰᠤ | ᠪᠡᠯᠴᠢᠭᠡᠷ᠂ ᠤᠯᠠᠭᠠᠨ᠎ᠠ᠂ ᠢᠯᠠᠮ᠎ᠠ᠂ ᠠᠵᠢᠷᠭᠠᠨ᠎ᠠ ᠶᠢᠨ ᠵᠢᠮᠢᠰ ᠤᠷᠭᠤᠳᠠᠭ᠃ ᠪᠢᠯᠠᠩ ᠤᠨ ᠠᠭᠤᠯᠠ ᠨᠢ ᠤᠶᠢᠷ᠎ᠠ | ᠬᠠᠪᠢ ᠶᠢᠨ ᠮᠠᠯᠴᠢᠳ ᠤᠨ ᠲᠦᠷᠪᠡᠨ ᠤᠯᠠᠷᠢᠯ ᠤᠨ ᠪᠡᠯᠴᠢᠭᠡᠷ ᠪᠣᠯᠤᠨ᠎ᠠ᠃ ᠬᠤᠷ᠎ᠠ ᠪᠤᠷᠤᠭᠠᠨ ᠡᠯᠪᠡᠭ ᠵᠢᠯ ᠪᠤᠯ | ᠠᠭᠤᠯᠠ ᠶᠢᠨ ᠬᠦᠨᠳᠡᠢ ᠪᠦᠬᠦᠨ ᠠᠴᠠ ᠨᠢ ᠪᠤᠯᠠᠭ ᠤᠷᠭᠢᠯᠤᠨ ᠬᠦᠨᠳᠡᠢ ᠭᠤᠤ ᠪᠠᠷ ᠨᠢ ᠭᠤᠤᠯ ᠤᠷᠤᠰᠳᠠᠭ᠃ | | ᠪᠠᠶᠠᠨᠬᠤᠰᠢᠭᠤ | ᠪᠢᠯᠠᠩ ᠱᠤᠷᠤᠩ ᠤᠨ ᠵᠡᠭᠦᠨ᠂ ᠴᠠᠭᠠᠨ ᠱᠤᠷᠤᠩ ᠤᠨ ᠬᠤᠶᠢᠨᠠᠬᠢ ᠦᠨᠳᠦᠷ ᠤᠷᠦᠢ ᠶᠢ ᠬᠡᠯᠡᠵᠤ ᠪᠤᠢ᠃ | ᠠᠳᠡ ᠴᠠᠷᠠᠰᠤ᠂ ᠲᠡᠯᠳᠦ᠂ ᠶᠠᠰᠢᠯ᠂ ᠰᠢᠭᠡᠪᠦᠷ᠂ ᠬᠠᠷᠠᠪᠠᠷ ᠵᠡᠷᠭᠡ ᠤᠢ ᠮᠤᠳᠤ ᠤᠷᠭᠤᠵᠤ ᠪᠠᠶᠢᠳᠠᠭ᠃ | ᠠᠩᠬ᠎ᠠ ᠡᠷᠳᠠ ᠠᠴᠠ ᠪᠠᠨ ᠡᠪᠡᠰᠤ ᠤᠷᠭᠤᠮᠠᠯ ᠵᠤᠵᠠᠭᠠᠨ᠂ ᠬᠠᠳᠠ ᠴᠢᠯᠠᠭᠤ ᠪᠡᠷᠬᠡ ᠪᠠᠷᠳᠠᠭ᠎ᠠ ᠲᠠᠢ ᠪᠠᠶᠢᠭᠠᠯᠢ | ᠶᠢᠨ ᠰᠠᠶᠢᠬᠠᠨ ᠤᠷᠣᠨ ᠪᠠᠶᠢᠪᠠ᠃ ᠬᠠᠪᠤᠷ ᠤᠨ ᠤᠷᠢᠨ ᠰᠠᠭᠠᠳᠠᠪᠠᠯ ᠵᠦᠢᠯ ᠤᠨ ᠤᠷᠭᠤᠮᠠᠯ ᠠᠮᠢᠯᠠᠨ ᠨᠤᠭᠤᠭᠠᠷᠠᠵᠤ᠂ | ᠴᠢᠭᠢᠭ ᠤᠨ ᠦᠨᠦᠷ ᠰᠡᠩᠭᠢᠨᠡᠨ ᠵᠢᠭᠦᠷᠳᠡᠨ ᠠᠷᠢᠶᠠᠳᠠᠨ ᠡᠷᠭᠢᠴᠡᠭᠡᠳ ᠨᠤᠳᠤᠭ ᠤᠰᠣᠨ ᠤ ᠦᠩᠭᠡ ᠦᠵᠡᠮᠵᠢ ᠶᠢ | ᠲᠦᠷᠪᠡᠨ ᠵᠦᠭ ᠲᠤ ᠭᠠᠶᠢᠬᠠᠭᠤᠯᠳᠠᠭ᠃ | ᠵᠤᠨ ᠨᠠᠮᠤᠷ ᠤᠨ ᠴᠠᠭ ᠲᠤ ᠡᠪᠡᠰᠤ ᠤᠷᠭᠤᠮᠠᠯ ᠴᠠᠭ ᠤᠨ ᠦᠩᠬᠡ ᠪᠠᠷ ᠦᠵᠡᠮᠦᠷᠢᠯᠡᠵᠤ᠂ ᠵᠢᠮᠢᠰ ᠤᠯᠠᠭᠠᠨ᠎ᠠ | ᠦᠷᠡᠯᠡᠨ ᠪᠤᠯᠪᠠᠰᠤᠷᠠᠵᠤ ᠠᠳᠣᠭᠤ ᠮᠠᠯ ᠪᠣᠯᠠᠭ ᠤᠨ ᠬᠦᠪᠡᠭᠡ ᠪᠠᠷ ᠡᠷᠭᠢᠴᠡᠨ ᠰᠠᠨᠠᠭ᠎ᠠ ᠲᠠᠶᠢᠪᠤᠩ ᠢᠳᠡᠰᠢᠯᠡᠳᠡᠭ᠃ | ᠡᠪᠦᠯ ᠪᠤᠯᠪᠠᠯ ᠮᠦᠩᠭᠦᠨ ᠴᠠᠭᠠᠨ ᠬᠤᠶᠠᠭ ᠬᠡᠳᠦᠷᠴᠦ᠂ ᠮᠠᠯᠴᠢᠳ ᠠᠪᠠ ᠰᠢᠪᠠᠭᠤ ᠶᠢᠨ ᠮᠦᠷ ᠬᠠᠶᠢᠵᠣ ᠦᠨᠡᠭᠡ | ᠴᠢᠨ᠋ᠸ᠎ᠠ ᠠᠪᠠᠯᠠᠳᠠᠭ᠃ | ᠨᠤᠲᠤᠭ ᠤᠨ ᠬᠦᠮᠦᠰ ᠮᠠᠨᠢ ᠪᠡᠯᠴᠢᠭᠡᠷ ᠤᠰᠤ ᠪᠠᠨ ᠳᠤᠬᠢᠲᠠᠢ ᠠᠰᠢᠭᠯᠠᠵᠤ᠂ ᠤᠨ ᠵᠢᠯ ᠢ ᠦᠭᠡᠳᠡ ᠡᠰᠡᠷᠡᠭ | ᠲᠤᠭᠤᠯᠵᠤ᠂ ᠮᠠᠯ ᠰᠦᠷᠦᠭ ᠢᠶᠠᠨ ᠦᠰᠭᠡᠬᠦ ᠳᠤ ᠪᠠᠨ ᠪᠠᠶᠢᠭᠠᠯᠢ ᠤᠷᠴᠢᠨ ᠢᠶᠠᠨ ᠬᠠᠷᠠᠬᠤ ᠨᠢᠳᠦ ᠪᠠᠨ ᠰᠢᠭ | ᠬᠠᠶᠢᠷᠠᠯᠠᠵᠤ ᠬᠢᠮᠠᠭᠠᠳᠠᠵᠤ ᠢᠷᠡᠭᠰᠡᠨ ᠪᠢᠯᠡ᠃ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ ᠄ ᠡ᠊ · ᠰᠠᠷᠠᠭᠤᠯ | |