ᠨᠤᠭᠤᠭᠠᠨ ᠬᠠᠳᠠ | ᠨᠤᠭᠤᠭᠠᠨ ᠬᠠᠳᠠ ᠪᠤᠯ ᠪᠠᠶᠠᠨᠬᠤᠰᠢᠭᠤ ᠶᠢᠨ ᠡᠩᠭᠡᠷ ᠲᠤ ᠪᠤᠢ᠃ ᠡᠪᠤᠯ᠂ ᠬᠠᠪᠤᠷ ᠤᠨ ᠮᠠᠯ ᠤᠨ ᠪᠡᠯᠴᠢᠭᠡᠷ | ᠪᠤᠯᠤᠨ᠎ᠠ᠃ ᠠᠭᠤᠯᠠᠨ ᠤ ᠬᠠᠳᠠ ᠴᠢᠯᠠᠭᠤᠳ ᠢ ᠨᠢ ᠠᠯᠤᠰ ᠠᠴᠠ ᠬᠠᠷᠠᠪᠠᠯ ᠨᠤᠪ ᠨᠤᠭᠤᠭᠠᠨ ᠪᠦᠭᠡᠳ ᠡᠪᠦᠯ ᠤᠨ | ᠬᠦᠢᠳᠡᠨ ᠳᠤ ᠴᠦ ᠡᠭᠡᠭᠡ ᠠᠳᠠᠯᠢᠬᠠᠨ ᠪᠢᠯᠡ᠃ ᠡᠶᠢᠮᠦᠷᠬᠦᠦ ᠤᠨᠴᠠᠯᠢᠭ ᠰᠢᠨᠵᠢ ᠪᠠᠷ ᠨᠢ ᠬᠦᠮᠦᠰ ᠨᠤᠭᠤᠭᠠᠨ ᠬᠠᠳᠠ | ᠬᠡᠮᠡᠨ ᠨᠡᠷᠡᠯᠡᠪᠡ᠃ | ᠨᠤᠭᠤᠭᠠᠨ ᠬᠠᠳᠠᠨ ᠳᠤ ᠰᠢᠪᠠᠭ᠂ ᠴᠠᠷᠠᠰᠤ᠂ ᠶᠠᠰᠢᠯ ᠮᠡᠳᠤ ᠡᠯᠳᠡᠪ ᠤᠨ ᠡᠪᠡᠰᠤ ᠤᠷᠭᠤᠮᠠᠯ ᠪᠤᠢ᠃ ᠡᠨ᠋ᠨ ᠨᠢ | ᠤᠶᠢᠷ᠎ᠠ ᠬᠠᠪᠢ ᠶᠢᠨ ᠮᠠᠯᠴᠢᠳ ᠤᠨ ᠤᠳᠤᠷᠯᠠᠨ ᠨᠡᠬᠦᠳᠡᠯᠯᠡᠬᠦ ᠳᠤ ᠠᠰᠢᠭᠳᠠᠢ ᠨᠦᠬᠦᠴᠡᠯ ᠢ ᠪᠦᠷᠢᠯᠳᠦᠬᠦᠯᠵᠤ᠂ | ᠵᠣᠰᠠᠭᠠᠯ ᠨᠠᠮᠤᠷᠵᠢᠶ᠎ᠠ ᠪᠠᠷ ᠶᠠᠪᠤᠳᠠᠭ᠃ | ᠨᠣᠭᠤᠭᠠᠨ ᠬᠠᠳᠠᠨ ᠳᠤ ᠲᠠᠤᠯᠠᠢ᠂ ᠦᠨᠡᠭᠡ᠂ ᠪᠦᠷᠬᠦᠳ᠂ ᠮᠠᠩᠬᠢᠰᠤ ᠵᠡᠷᠭᠡ ᠶᠢᠨ ᠠᠷᠢᠶᠠᠳᠠᠨ ᠪᠤᠢ᠂ ᠬᠤᠷ᠎ᠠ | ᠤᠰᠤ ᠡᠯᠪᠡᠭ ᠵᠢᠯ ᠪᠤᠯ ᠬᠠᠳᠠᠨ ᠠᠴᠠ ᠨᠢ ᠪᠤᠯᠠᠭ ᠤᠷᠭᠢᠯᠤᠨ ᠬᠦᠨᠳᠡᠢ ᠪᠠᠷ ᠨᠢ ᠤᠷᠤᠰᠳᠠᠭ᠃ ᠬᠠᠳᠠᠨ ᠤ ᠦᠵᠡᠮᠵᠢ | ᠭᠤᠶᠣᠬᠠᠨ᠂ ᠣᠷᠭᠤᠮᠠᠯ ᠤᠨ ᠪᠦᠷᠬᠦᠴᠡ ᠵᠤᠵᠠᠭᠠᠨ ᠪᠣᠯᠬᠤᠷ ᠤᠣᠯ ᠠᠴᠠ ᠪᠠᠨ ᠬᠤᠯᠨ ᠤᠶᠢᠷ᠎ᠠ ᠶᠢᠨ ᠬᠢᠨ ᠤ | ᠠᠩᠬᠠᠷᠣᠯ ᠢ ᠲᠠᠳᠠᠭᠰᠠᠨ ᠭᠠᠵᠠᠷ ᠶᠤᠮ᠃ | | ᠴᠠᠭᠠᠨ ᠱᠤᠷᠤᠩ | ᠪᠢᠯᠠᠩ ᠤᠨ ᠱᠤᠷᠤᠩ ᠤᠨ ᠡᠮᠦᠨ᠎ᠡ ᠨᠢ ᠪᠠᠶᠢᠭ᠎ᠠ ᠠᠭᠤᠯᠠ ᠶᠢ ᠴᠠᠭᠠᠨ ᠱᠤᠷᠤᠩ ᠭᠡᠳᠡᠭ᠃ ᠴᠠᠭᠠᠨ ᠱᠤᠷᠤᠩ | ᠢ ᠠᠯᠤᠰ ᠠᠴᠠ ᠦᠵᠡᠪᠡᠯ ᠠᠭᠤᠯᠠᠰ ᠤᠨ ᠢᠶᠠᠨ ᠲᠤᠮᠳᠠ ᠤᠨᠴᠠᠭᠠᠢ ᠴᠠᠭᠠᠨ ᠬᠠᠷᠠᠭᠳᠠᠬᠤ ᠪᠤᠯᠬᠤᠷ ᠡᠶᠢᠨᠬᠦ ᠨᠡᠷᠡᠯᠡᠯ᠎ᠡ | ᠭᠡᠵᠤ ᠨᠤᠳᠤᠭ ᠤᠨ ᠨᠠᠰᠤᠳᠠᠳ ᠬᠠᠭᠤᠴᠢᠯᠠᠳᠠᠭ᠃ | ᠴᠠᠭᠠᠨ ᠱᠤᠷᠤᠩ ᠤᠨ ᠡᠩᠭᠡᠷ ᠲᠤ ᠬᠡᠳᠦᠨ ᠬᠦᠨᠳᠡᠢ ᠲᠠᠢ᠂ ᠬᠦᠨᠳᠡᠢ ᠪᠦᠬᠦᠨ ᠳᠤ ᠨᠢ ᠢᠭᠴᠤ ᠰᠠᠬᠤᠯᠠᠭ | ᠪᠡᠯᠴᠢᠭᠡᠷ ᠲᠠᠢ᠂ ᠬᠠᠷᠭᠠᠨ᠎ᠠ᠂ ᠰᠢᠪᠠᠭ᠂ ᠲᠡᠯᠳᠤ᠂ ᠶᠠᠰᠢᠯ᠂ ᠴᠠᠷᠠᠰᠤ᠂ ᠬᠠᠷᠠᠪᠠᠷ᠂ ᠰᠢᠭᠡᠪᠦᠷ ᠲᠠᠢ᠂ ᠢᠯᠠᠮ᠎ᠠ᠂ | ᠤᠯᠠᠭᠠᠨ᠎ᠠ᠂ ᠠᠵᠢᠷᠭᠠᠨ᠎ᠠ ᠮᠡᠳᠤ ᠶᠢᠨ ᠵᠢᠮᠢᠰ ᠤᠷᠭᠤᠮᠠᠯ ᠲᠠᠢ᠃ | ᠮᠠᠯᠴᠢᠳ ᠵᠢᠯ ᠤᠨ ᠲᠦᠷᠪᠡᠨ ᠤᠯᠠᠷᠢᠯ ᠢᠶᠠᠷ ᠮᠠᠯ ᠰᠦᠷᠦᠭ ᠢᠶᠠᠨ ᠬᠠᠷᠢᠭᠤᠯᠤᠨ ᠭᠠᠴᠢᠭ ᠵᠤᠳ ᠢ ᠭᠡᠳᠦᠯᠳᠡᠭ | ᠪᠢᠯᠡ᠃ ᠠᠩᠬ᠎ᠠ ᠤᠷᠢᠳᠤ ᠠᠴᠠ ᠪᠠᠨ ᠡᠪᠦᠯ ᠬᠠᠪᠤᠷ ᠲᠤ ᠪᠠᠨ ᠦᠨᠡᠭᠡ᠂ ᠵᠡᠭᠡᠷ᠎ᠡ᠂ ᠭᠠᠭ᠋ᠠᠢ ᠶᠢᠨ ᠠᠪᠠ ᠲᠠᠯᠪᠢᠳᠠᠭ᠃ | | ᠢᠯᠠᠮᠠᠳᠦ | ᠢᠯᠠᠮᠠᠳᠦ ᠪᠤᠯ ᠤᠪᠤᠭ᠎ᠠ ᠶᠢᠨ ᠠᠶᠢᠯ ᠤᠨ ᠵᠡᠭᠦᠨ ᠬᠡᠰᠡᠭ ᠲᠤ ᠪᠠᠶᠢᠷᠢᠰᠢᠵᠤ᠂ ᠵᠡᠭᠦᠨ ᠲᠠᠯ᠎ᠠ ᠪᠠᠷ ᠢᠶᠠᠨ | ᠴᠢᠯᠠᠭᠤᠲᠤ ᠳᠠᠪᠠᠭ᠎ᠠ ᠲᠠᠢ ᠵᠠᠯᠭᠠᠵᠤ᠂ ᠡᠮᠦᠨ᠎ᠡ ᠲᠠᠯ᠎ᠠ ᠳᠤ ᠨᠢ ᠠᠷᠪᠠᠨ ᠭᠤᠷᠪᠠᠨ ᠰᠢᠯᠢ ᠶᠢᠨ ᠬᠦᠨᠳᠡᠢ ᠬᠦᠲᠦᠯ | ᠦᠷᠭᠦᠯᠵᠢᠯᠡᠵᠤ ᠪᠤᠢ᠃ | ᠠᠯᠢ ᠡᠷᠲᠡ ᠳᠤ ᠪᠠᠨ ᠠᠷᠤ ᠬᠤᠸ᠋ᠨ ᠳᠤ ᠨᠢ ᠢᠯᠠᠮ᠎ᠠ ᠶᠢᠨ ᠮᠤᠳᠤ ᠤᠷᠭᠤᠭᠰᠠᠨ ᠢᠶᠠᠷ ᠢᠡᠭᠭᠢᠵᠤ ᠨᠡᠷᠡᠯᠡᠭᠰᠡᠨ | ᠭᠡᠨ᠎ᠡ᠃ 1956 ᠤᠨ ᠠᠴᠠ ᠠᠶᠢᠯ ᠡᠷᠦᠬᠡ ᠰᠠᠭᠤᠷᠢᠰᠢᠵᠤ᠂ ᠵᠢᠯ ᠪᠦᠷᠢ ᠵᠤᠰᠠᠭᠠᠯ ᠢᠶᠠᠷ ᠭᠠᠷᠳᠠᠭ ᠪᠦᠬᠡᠳ ᠭᠠᠨᠭ᠌ | ᠭᠠᠴᠢᠭ ᠵᠢᠯ ᠪᠣᠯᠪᠠᠯ ᠮᠠᠯ ᠰᠦᠷᠦᠭ ᠤᠳ ᠢᠶᠠᠨ ᠲᠠᠭᠤᠵᠤ ᠤᠲᠤᠷ ᠨᠡᠭᠦᠳᠡᠯ ᠳᠤ ᠭᠠᠷᠳᠠᠭ᠃ ᠠᠳᠡᠬᠢ ᠶᠢᠨ | ᠪᠡᠯᠴᠢᠭᠡᠷ ᠡᠪᠡᠰᠦ ᠰᠠᠶᠢᠨ᠂ ᠤᠰᠤ ᠤᠮᠳᠠ ᠬᠠᠩᠭᠠᠮᠵᠢᠲᠠᠢ ᠠᠴᠠ ᠮᠠᠯ ᠰᠦᠷᠦᠭ ᠤᠨ ᠲᠠᠭᠠᠲᠠᠢ ᠪᠠᠭᠤᠴᠠ᠂ | ᠳᠦᠷᠪᠡᠨ ᠤᠯᠠᠷᠢᠯ ᠤᠨ ᠳᠤᠯᠠᠭᠠᠨ ᠨᠦᠭᠡᠴᠡ ᠪᠤᠯᠤᠭᠰᠠᠭᠠᠷ ᠪᠢᠯᠡ᠃ | ᠬᠠᠬᠢᠷ ᠤᠨ ᠭᠤᠤᠯ ᠤᠨ ᠲᠠᠲᠠᠮᠠᠯ ᠰᠤᠪᠠᠭ ᠠᠷᠤ ᠵᠠᠬ᠎ᠠ ᠪᠠᠷ ᠨᠢ ᠵᠡᠭᠦᠨ ᠠᠴᠠ ᠪᠠᠷᠠᠭᠤᠨᠰᠢ ᠦᠡᠭᠭᠡᠷᠡᠵᠤ᠂ | ᠤᠯᠠᠷᠢᠯ ᠤᠨ ᠴᠢᠨᠠᠷᠳᠠᠢ ᠣᠰᠣ ᠬᠠᠨᠭ᠍ᠭᠠᠵᠣ᠂ ᠬᠤᠨᠲᠤ ᠪᠠᠯᠭᠠᠰᠤ᠂ ᠪᠠᠶᠠᠨᠬᠤᠸ᠋ᠨ ᠪᠠᠯᠭᠠᠰᠤ᠂ ᠴᠢᠪᠠᠭ᠎ᠠ ᠳᠤ ᠨᠡᠪᠲᠡᠷᠡᠬᠦ | ᠵᠠᠮ ᠤᠨ ᠪᠤᠭᠤᠮᠲᠠ ᠪᠦᠭᠡᠳ ᠵᠡᠬᠦᠨ ᠪᠠᠷᠠᠭᠤᠨ ᠪᠠᠭᠠᠷᠢᠨ᠂ ᠵᠠᠷᠣᠳ᠂ ᠬᠢᠩᠭᠠᠨ ᠤ ᠬᠤᠰᠢᠭᠤᠳ ᠲᠤ ᠬᠦᠷᠬᠦ ᠵᠠᠮ | ᠴᠤ ᠡᠭᠦᠪᠡᠷ ᠦᠡᠭᠭᠡᠷᠡᠵᠤ ᠪᠤᠢ᠃ | ᠢᠯᠠᠮᠠᠳᠦ ᠶᠢᠨ ᠠᠶᠢᠯ ᠳᠤ ᠴᠠᠬᠢᠯᠭᠠᠨ ᠨᠡᠪᠲᠡᠷᠡᠵᠤ᠂ ᠲᠦᠷᠪᠡᠨ ᠵᠦᠭ ᠲᠤ ᠨᠡᠪᠳᠡᠷᠡᠬᠦ ᠵᠠᠰᠠᠮᠠᠯ ᠵᠠᠮ ᠲᠠᠢ | ᠮᠦᠷᠲᠡᠭᠡᠨ ᠮᠠᠰᠢᠨ ᠬᠤᠳᠳᠤᠭ᠂ ᠮᠠᠯ ᠤᠨ ᠡᠭᠦᠯᠳᠡᠷ ᠰᠠᠶᠢᠵᠢᠷᠠᠭᠤᠯᠬᠤ ᠦᠷᠲᠡᠭᠡ ᠵᠡᠷᠭᠡ ᠪᠦᠷᠢᠨ ᠪᠤᠢ᠃ | | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ᠄ ᠡ᠊ · ᠰᠠᠷᠠᠭᠤᠯ | |