ᠮᠢᠨᠤ ᠨᠤᠳᠤᠭ ᠤᠨ ᠤᠲᠤᠷ ᠨᠡᠭᠦᠳᠡᠯ ᠤᠨ ᠠᠭᠤᠯᠨ ᠤᠰᠤ ︵ᠳᠣᠯᠤᠭ᠎ᠠ︶
ᠨᠡᠶᠢᠲᠡᠯᠡᠭᠰᠡᠨ ᠴᠠᠭ᠄
2015/8/20
          ᠬᠢᠯᠠᠭᠤᠨ ᠮᠤᠷᠢᠨ ᠱᠤᠷᠤᠩ      ᠬᠢᠯᠠᠭᠤᠨ ᠮᠤᠷᠢᠨ ᠱᠤᠷᠤᠩ ᠨᠢ ᠢᠯᠠᠮᠠᠳᠣ ᠶᠢᠨ ᠲᠠᠪᠠᠭ᠎ᠠ ᠶᠢᠨ ᠵᠡᠬᠦᠨ ᠡᠮᠦᠨ᠎ᠡ ᠲᠠᠯ᠎ᠠ ᠳᠤ ᠪᠤᠢ᠃ ᠭᠠᠵᠠᠷ  ᠤᠨ ᠪᠠᠶᠢᠴᠠ ᠨᠢ ᠪᠡᠷᠬᠡ ᠪᠠᠷᠳᠠᠭ᠎ᠠ ᠪᠠᠷ ᠪᠠᠭ᠎ᠠ ᠴᠤ ᠬᠠᠷᠭᠠᠨ᠎ᠠ᠂ ᠤᠯᠠᠭᠠᠨ᠎ᠠ ᠵᠡᠷᠭᠡ ᠶᠢᠨ ᠵᠢᠮᠢᠰᠳᠤ ᠤᠷᠭᠤᠮᠠᠯ ᠪᠣᠯᠣᠨ ᠬᠢᠶᠠᠭ᠂ ᠣᠯᠠᠯᠵᠢ᠂ ᠬᠢᠯᠠᠭᠠᠨ᠎ᠠ ᠵᠡᠷᠬᠡ ᠶᠢᠨ ᠡᠪᠡᠰᠤ ᠢᠭ᠌ᠴᠢ ᠵᠤᠵᠠᠭᠠᠨ ᠤᠷᠭᠤᠵᠤ᠂ ᠮᠠᠯ ᠰᠦᠷᠦᠭ ᠤᠨ ᠲᠦᠷᠪᠡᠨ ᠤᠯᠠᠷᠢᠯ ᠤᠨ ᠰᠢᠮᠡᠯᠢᠭ ᠪᠡᠯᠴᠢᠭᠡᠷ ᠶᠤᠮ᠃      ᠮᠠᠯᠴᠢᠳ ᠬᠢᠯᠠᠭᠤᠨ ᠮᠤᠷᠢᠨ ᠱᠤᠷᠤᠩ ᠤᠨ ᠪᠡᠯᠴᠢᠭᠡᠷ ᠲᠤ ᠵᠤᠰᠠᠭᠠᠯ ᠳᠤ ᠭᠠᠷᠴᠤ᠂ ᠠᠳᠣᠭᠤ ᠮᠠᠯ ᠢᠶᠠᠨ ᠬᠠᠷᠢᠭᠤᠯᠬᠤ ᠪᠠᠷ ᠪᠠᠷᠠᠬᠤ ᠦᠭᠡᠢ᠂ ᠨᠠᠮᠤᠷ ᠲᠤ ᠪᠠᠨ ᠬᠠᠳᠣᠯᠠᠩ ᠳᠤ ᠴᠤ ᠭᠠᠷᠳᠠᠭ᠃      ᠡᠨ᠋ᠨ ᠬᠠᠪᠢ ᠪᠠᠷ ᠬᠦᠢᠯᠡᠰᠦ ᠮᠤᠳᠤ ᠪᠠᠨ ᠲᠠᠭᠠᠭᠠᠵᠤ ᠶᠠᠳᠠᠮ᠎ᠠ ᠰᠠᠭᠤᠵᠤ᠂ ᠤᠯᠠᠭᠠᠨ᠎ᠠ ᠪᠤᠳᠠ ᠪᠣᠳᠠ ᠪᠠᠷ ᠢᠷᠠᠶᠢᠨ ᠰᠠᠭᠤᠳᠠᠭ ᠢᠶᠠᠷ ᠲᠡᠷᠭᠡᠨ ᠮᠦᠭᠡᠷ ᠭᠦᠨ ᠣᠯᠠᠶᠢᠳᠠᠭ᠃ ᠬᠦᠮᠦᠰ ᠭᠦᠢᠯᠡᠰᠦ᠂ ᠣᠯᠠᠭᠠᠨ᠎ᠠ ᠲᠡᠭᠦᠵᠤ ᠨᠤᠳᠤᠭ  ᠤᠨ ᠬᠡᠰᠢᠭ ᠢᠶᠠᠨ ᠬᠦᠷᠳᠡᠵᠤ ᠠᠰᠢᠭ ᠤᠷᠤᠯᠭ᠎ᠠ ᠤᠯᠳᠠᠭ᠃      ᠠᠩᠬᠠᠨ ᠠᠴᠠ ᠪᠠᠨ ᠮᠠᠯᠴᠢᠳ ᠮᠠᠨᠢ ᠮᠠᠯ ᠰᠦᠷᠦᠭ ᠢᠶᠠᠨ ᠬᠠᠷᠢᠭᠤᠯᠤᠨ ᠤᠲᠤᠷᠯᠠᠨ ᠨᠡᠭᠦᠳᠡᠯᠯᠡᠵᠦ᠂ ᠵᠤᠳ ᠭᠠᠮᠰᠢᠭ ᠢ ᠰᠠᠨᠠᠭ᠎ᠠ ᠠᠮᠤᠷ ᠦᠩᠭᠡᠷᠡᠭᠦᠯᠵᠦ᠂ ᠤᠨ ᠤᠨ ᠳᠤ ᠪᠠᠨ ᠦᠨᠢᠷ ᠦᠰᠭᠡᠵᠦ᠂ ᠬᠤᠯᠠ ᠤᠶᠢᠷ᠎ᠠ ᠳᠤ ᠪᠠᠨ ᠠᠯᠳᠠᠷ ᠴᠤᠣ ᠪᠠᠨ ᠮᠠᠨᠳᠤᠭᠤᠯᠵᠤ ᠶᠠᠪᠤᠵᠠᠢ᠃      ᠤᠳᠤ ᠬᠢᠯᠠᠭᠤᠨ ᠮᠤᠷᠢᠨ ᠱᠣᠷᠣᠩ ᠨᠢ ᠬᠡᠳᠦᠨ ᠭᠠᠴᠠᠭ᠎ᠠ ᠶᠢᠨ ᠵᠠᠭᠠᠭ ᠬᠢᠴᠡ ᠶᠢᠨ ᠠᠭᠤᠯᠵᠠᠷ ᠲᠡᠮᠳᠡᠭ ᠪᠤᠯᠪᠠ᠃          ᠬᠠᠷ᠎ᠠ ᠱᠤᠷᠤᠩ      ᠬᠠᠷ᠎ᠠ ᠱᠤᠷᠤᠩ ᠨᠢ ᠬᠢᠯᠠᠭᠤᠨ ᠮᠤᠷᠢᠨ ᠱᠤᠷᠤᠩ ᠤᠨ ᠵᠡᠭᠦᠨ ᠲᠠᠯ᠎ᠠ ᠳᠤ ᠪᠤᠢ᠃ ᠠᠳᠡᠬᠢ ᠶᠢᠨ ᠬᠠᠳᠠ ᠴᠢᠯᠠᠭᠤ ᠨᠢ ᠬᠠᠷ᠎ᠠ ᠦᠩᠭᠡ ᠲᠠᠢ ᠪᠤᠯᠬᠤᠷ ᠤᠳᠤᠷ ᠨᠡᠭᠦᠳᠡᠯ ᠢᠶᠠᠷ ᠶᠠᠪᠤᠳᠠᠭ ᠮᠠᠯᠴᠢᠳ ᠬᠠᠷ᠎ᠠ ᠱᠤᠷᠤᠩ ᠬᠡᠮᠡᠨ ᠨᠡᠷᠡᠯᠡᠵᠠᠢ᠃      ᠬᠠᠷ᠎ᠠ ᠱᠤᠷᠤᠩ ᠤᠨ ᠡᠪᠡᠰᠦ ᠪᠡᠯᠴᠢᠭᠡᠷ ᠵᠤᠵᠠᠭᠠᠨ᠂ ᠬᠠᠷᠭᠠᠨ᠎ᠠ᠂ ᠬᠠᠶᠢᠯᠠᠰᠤ ᠮᠡᠳᠦ ᠶᠢᠨ ᠤᠢ ᠤᠷᠭᠤᠮᠠᠯ ᠤᠷᠭᠤᠵᠤ᠂ ᠮᠠᠯ ᠰᠦᠷᠦᠭ ᠤᠨ ᠰᠢᠮᠡᠳᠤ ᠪᠡᠯᠴᠢᠭᠡᠷ ᠪᠤᠯᠬᠤᠷ ᠮᠠᠯᠴᠢᠳ ᠤᠯᠠᠷᠢᠯ ᠢᠶᠠᠨ ᠲᠠᠭᠠᠨ ᠤᠳᠤᠷᠯᠠᠨ ᠨᠡᠭᠦᠳᠡᠯᠯᠡᠳᠡᠭ ᠶᠤᠮ᠃ ᠪᠠᠷᠠᠭᠤᠨᠰᠢ ᠪᠠᠨ ᠠᠭᠤᠯᠨ ᠶᠢᠨ ᠪᠡᠯᠴᠢᠭᠡᠷ ᠢ ᠠᠰᠢᠭᠯᠠᠵᠤ᠂ ᠵᠡᠭᠦᠨᠰᠢ ᠪᠠᠨ ᠭᠤᠤᠯ ᠭᠤᠷᠤᠬ᠎ᠠ  ᠶᠢᠨ ᠬᠠᠪᠢ ᠪᠠᠷ ᠬᠤᠵᠢᠷ ᠲᠤᠯᠠᠰᠢ ᠳᠤ ᠤᠷᠤᠳᠠᠭ ᠪᠠᠶᠢᠵᠠᠢ᠃               ᠵᠣᠬᠢᠶᠠᠭᠴᠢ᠄ ᠨᠠ᠊ · ᠵᠢᠷᠭᠠᠯ   ᠨᠠᠶᠢᠷᠠᠭᠤᠯᠣᠭᠴᠢ᠄ ᠡ᠊ · ᠰᠠᠷᠠᠭᠤᠯ
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号