ᠮᠢᠨᠤ ᠨᠤᠳᠤᠭ ᠤᠨ ᠤᠲᠤᠷ ᠨᠡᠭᠦᠳᠡᠯ ᠤᠨ ᠠᠭᠤᠯᠨ ᠤᠰᠤ ︵ᠶᠢᠰᠦ︶
ᠨᠡᠶᠢᠲᠡᠯᠡᠭᠰᠡᠨ ᠴᠠᠭ᠄
2015/8/23
           ᠮᠡᠷᠭᠡᠯᠵᠢ ᠶᠢᠨ ᠰᠠᠴᠠ      ᠮᠡᠷᠭᠡᠯᠵᠢ ᠶᠢᠨ ᠰᠠᠴᠠ ᠨᠢ ᠬᠠᠷ᠎ᠠ ᠱᠤᠷᠤᠩ ᠤᠨ ᠵᠡᠭᠦᠨ ᠲᠠᠯ᠎ᠠ ᠳᠤ ᠪᠤᠢ᠃ ᠮᠡᠷᠭᠡᠯᠵᠢ ᠶᠢᠨ ᠣᠪᠣᠭ᠎ᠠ ᠶᠢᠨ ᠤᠷᠤᠢ ᠳᠤ ᠰᠠᠴᠠ ᠪᠠᠶᠢᠬᠤ ᠪᠦᠭᠡᠳ ᠤᠶᠢᠷᠠᠮ ᠲᠤᠭᠤᠷᠢᠮ ᠳᠤ ᠨᠢ ᠪᠡᠯᠴᠢᠭᠡᠷ ᠰᠠᠶᠢᠳᠠᠢ᠂ ᠵᠣᠰᠠᠭᠠᠯ ᠨᠠᠮᠣᠷᠵᠢᠶ᠎ᠠ ᠶᠢᠨ ᠰᠠᠶᠢᠬᠠᠨ ᠭᠠᠵᠠᠷ ᠪᠢᠯᠨ᠃      ᠤᠷᠢᠳᠤ ᠳᠤ ᠸᠠᠩ ᠤᠨ ᠤᠷᠳᠤᠨ ᠤ ᠲᠤᠳᠤᠭᠠᠳᠤ ᠳᠤ ᠡᠷᠬᠡ ᠪᠠᠶᠢᠷᠢ ᠪᠤᠯᠢᠶᠠᠯᠳᠤᠬᠤ ᠵᠦᠷᠢᠴᠡᠯ ᠵᠢᠭᠤᠷᠭᠠᠨ ᠭᠠᠷᠣᠭᠰᠠᠨ ᠢᠶᠠᠷ ᠣᠪᠣᠭ᠎ᠠ ᠶᠢᠨ ᠤᠷᠤᠢ ᠳᠤ ᠰᠠᠴᠠ ᠲᠠᠷᠤᠵᠤ᠂ ᠮᠠᠭᠤ ᠵᠦᠭ ᠤᠨ ᠡᠳᠡᠭᠡᠳ ᠢᠶᠠᠨ ᠲᠠᠷᠤᠩᠭᠤᠶᠢᠯᠠᠯ᠎ᠠ ᠭᠡᠵᠤ ᠨᠠᠰᠤᠳᠠᠨ ᠲᠤᠮᠤᠭᠠᠳᠠᠳ ᠬᠠᠭᠤᠴᠢᠯᠠᠳᠠᠭ᠃ ᠤᠳᠤ ᠴᠤ ᠭᠡᠰᠡᠨ ᠣᠪᠣᠭ᠎ᠠ ᠶᠢᠨ ᠤᠷᠤ ᠮᠦᠷ ᠪᠣᠯᠣᠨ ᠰᠠᠴᠠ  ᠶᠢᠨ ᠤᠷᠤ ᠨᠢ ᠲᠤᠳᠤᠬᠠᠨ ᠮᠡᠳᠡᠭᠳᠡᠨ᠎ᠡ᠃           ᠦᠯᠵᠡᠶᠢᠳᠤ ᠬᠤᠸ᠋ᠨ      ᠨᠤᠶᠠᠨ ᠰᠦᠮ᠎ᠡ ᠶᠢᠨ ᠡᠮᠦᠨᠡᠬᠢ ᠬᠤᠸ᠋ᠨ ᠶᠢ ᠦᠯᠵᠡᠶᠢᠳᠤ ᠬᠤᠸ᠋ᠨ ᠭᠡᠳᠡᠭ᠃ ᠡᠷᠳᠡᠨ ᠤ ᠬᠦᠮᠦᠰ ᠡᠨ᠋ᠨ ᠭᠠᠵᠠᠷ ᠢ ᠠᠳᠤᠭᠤ ᠮᠠᠯ ᠦᠰᠬᠦ ᠬᠡᠰᠢᠭ ᠪᠣᠶᠠᠨ ᠲᠠᠢ᠂ ᠬᠦᠮᠦᠨ ᠠᠮᠢᠳᠠᠨ ᠰᠠᠭᠤᠬᠤ   ᠳᠤ ᠢᠪᠡᠭᠡᠯ ᠲᠠᠭᠠᠳᠠᠢ ᠪᠤᠯᠬᠤᠷ ᠰᠠᠶᠢᠨ ᠰᠠᠶᠢᠬᠠᠨ ᠢ ᠵᠦᠩᠨᠡᠵᠤ ︽ᠦᠯᠵᠡᠶᠢᠳᠤ ᠬᠤᠸ᠋ᠨ︾ ᠭᠡᠵᠤ ᠨᠡᠷᠡᠯᠡᠭᠰᠡᠨ ᠭᠡᠨ᠎ᠡ᠃      1950 ‍ᠭᠠᠳ ᠣᠨ ᠪᠣᠯᠳᠠᠯ᠎ᠠ ᠣᠩᠭᠤᠨ ᠮᠣᠳᠤ ᠶᠢᠨ ᠬᠦᠮᠦᠰ ᠦᠯᠵᠡᠶᠢᠳᠤ ᠬᠤᠸ᠋ᠨ ᠶᠢᠨ ᠬᠠᠪᠢ ᠪᠠᠷ ᠤᠳᠤᠷᠯᠠᠨ᠂ ᠬᠤᠵᠢᠷ ᠳᠣᠯᠠᠰᠢ ᠢ ᠨᠢ ᠠᠰᠢᠭᠯᠠᠨ᠂ ᠪᠡᠯᠴᠢᠭᠡᠷ ᠤᠰᠤ ᠪᠠᠨ ᠲᠠᠭᠠᠨ ᠮᠠᠯᠵᠢᠵᠣ ᠪᠠᠶᠢᠪᠠ᠃           ᠭᠤᠷᠪᠠᠨ ᠰᠠᠯᠠᠭᠠᠳᠤ      ᠭᠤᠷᠪᠠᠨ ᠰᠠᠯᠠᠭᠠᠳᠤ ᠪᠤᠯ ᠮᠠᠨ ᠤ ᠨᠤᠳᠤᠭ ᠤᠨ ᠮᠠᠯ ᠤᠨ ᠪᠡᠯᠴᠢᠭᠡᠷ ᠪᠤᠯᠤᠨ᠎ᠠ᠃ ᠠᠳᠡ ᠪᠡᠯᠴᠢᠭᠡᠷ ᠰᠠᠬᠤᠯᠠᠭ ᠂ ᠬᠠᠷᠭᠠᠨ᠎ᠠ᠂ ᠤᠯᠠᠭᠠᠨ᠎ᠠ ᠡᠯᠪᠡᠭ ᠤᠷᠭᠤᠵᠤ᠂ ᠬᠠᠶᠢᠯᠠᠰᠤᠨ ᠮᠤᠳᠤᠨ ᠤ ᠨᠦᠮᠦᠷᠢ ᠰᠡᠭᠦᠳᠡᠷ ᠲᠠᠢ ᠪᠠᠶᠢᠳᠠᠭ᠃      ᠮᠠᠯᠴᠢᠳ ᠵᠢᠯ ᠤᠨ ᠲᠦᠷᠪᠡᠨ ᠤᠯᠠᠷᠢᠯ ᠢᠶᠠᠷ ᠮᠠᠯ ᠢᠶᠠᠨ ᠬᠠᠷᠢᠭᠤᠯᠬᠤ ᠪᠠᠷ ᠪᠠᠷᠠᠬᠤ ᠦᠭᠡᠢ᠂ ᠠᠭᠤᠯᠠ ᠶᠢᠨ ᠨᠦᠮᠦᠷᠢ ᠳᠤ ᠨᠢ ᠤᠳᠤᠷ ᠰᠠᠭᠤᠴᠠ ᠪᠠᠷᠢᠵᠤ᠂ ᠬᠤᠳᠳᠤᠭ ᠮᠠᠯᠳᠠᠨ ᠤᠰᠤ ᠤᠮᠳᠠ ᠶᠢᠨ ᠬᠡᠷᠡᠭᠴᠡᠭᠡ ᠪᠠᠨ ᠬᠠᠩᠭᠠᠵᠤ ᠪᠠᠶᠢᠪᠠ᠃ ᠵᠠᠷᠢᠮ ᠭᠠᠴᠢᠭ ᠵᠢᠯ ᠳᠤ ᠮᠠᠯ ᠰᠦᠷᠦᠭ ᠤᠳᠤᠷᠯᠠᠨ ᠨᠤᠭᠤᠭ᠎ᠠ ᠭᠠᠷᠴᠤ ᠮᠠᠯ ᠰᠦᠷᠦᠭ ᠲᠡᠩᠬᠡᠷᠡᠬᠦ ᠪᠠᠷ ᠰᠠᠶ᠋ᠢ ᠪᠤᠰᠤ ᠪᠡᠯᠴᠢᠭᠡᠷ ᠲᠤ ᠪᠠᠨ ᠰᠡᠯᠭᠦᠨ ᠮᠠᠯᠵᠢᠳᠠᠭ ᠶᠤᠮ᠃      ᠨᠤᠳᠤᠭ ᠤᠨ ᠮᠠᠯᠴᠢᠳ ᠮᠠᠨᠢ ᠭᠤᠷᠪᠠᠨ ᠰᠠᠯᠠᠭᠠᠳᠣ ᠳᠤ ᠨᠠᠮᠤᠷᠵᠢᠶ᠎ᠠ ᠡᠪᠦᠯᠵᠢᠶ᠎ᠡ ᠪᠠᠷ ᠨᠡᠭᠦᠵᠤ ᠵᠤᠳ ᠰᠢᠭᠤᠷᠭᠠᠨ ᠢ ᠭᠡᠳᠦᠯᠳᠡᠭ ᠶᠤᠮ᠃  ᠵᠤᠬᠢᠶᠠᠭᠴᠢ᠄ ᠨᠠ᠊ · ᠵᠢᠷᠭᠠᠯ  ᠨᠠᠶᠢᠷᠠᠭᠤᠯᠣᠭᠴᠢ᠄ ᠡ᠊ · ᠰᠠᠷᠠᠭᠤᠯ    
 
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号