ᠴᠢᠯᠠᠭᠤᠲᠤ ᠳᠠᠪᠠᠭ᠎ᠠ | ᠴᠢᠯᠠᠭᠤᠲᠤ ᠳᠠᠪᠠᠭ᠎ᠠ ᠪᠤᠯ ᠤᠡᠭᠭᠤᠨ ᠮᠤᠳᠤ ᠭᠠᠴᠠᠭᠠᠨ ᠤ ᠵᠡᠭᠦᠨ ᠡᠮᠦᠨ᠎ᠡ ᠵᠠᠬ᠎ᠠ ᠶᠢᠨ ᠬᠦᠲᠦᠯ ᠬᠦᠨᠳᠡᠢ | ᠪᠤᠯᠤᠨ᠎ᠠ᠃ ᠠᠯᠢ ᠡᠷᠲᠡ ᠳᠡᠭᠡᠨ ᠬᠠᠳᠠ ᠴᠢᠯᠠᠭᠤ ᠤᠯᠠᠨ ᠪᠤᠯᠬᠤᠷ ᠢᠡᠭᠭᠢᠵᠤ ᠨᠡᠷᠡᠯᠡᠭᠰᠡᠨ ᠭᠡᠳᠡᠭ᠃ | ᠴᠢᠯᠠᠭᠤᠲᠤ ᠳᠠᠪᠠᠭᠠᠨ ᠳᠤ ᠠᠩᠬᠠᠨ ᠳᠤ ᠪᠠᠨ ᠬᠠᠷᠭᠠᠨ᠎ᠠ ᠶᠢᠨ ᠤᠢ ᠦᠪᠴᠢ ᠪᠢᠲᠡᠭᠦᠦ ᠤᠷᠭᠤᠵᠤ᠂ ᠬᠦᠮᠦᠨ | ᠬᠠᠷ᠎ᠠ᠂ ᠲᠡᠷᠭᠡ ᠤᠨᠤᠭ᠎ᠠ ᠨᠠᠭᠠᠰᠢ ᠴᠠᠭᠠᠰᠢ ᠶᠠᠪᠤᠬᠤ ᠵᠠᠮ ᠴᠤᠪᠤᠭ᠎ᠠ ᠴᠤ ᠦᠭᠡᠢ᠂ ᠬᠦᠢᠯᠡᠰᠤ ᠨᠢ ᠪᠤᠲᠠ ᠪᠠᠨ | ᠳᠠᠭᠠᠭᠠᠵᠤ ᠶᠠᠳᠠᠳᠠᠯ᠎ᠠ ᠦᠷᠡᠯᠡᠨ ᠰᠠᠭᠤᠳᠠᠭ᠃ | ᠴᠢᠯᠠᠭᠤᠲᠤ ᠳᠠᠪᠠᠭᠠᠨ ᠳᠤ ᠵᠡᠭᠡᠷ᠎ᠡ ᠭᠤᠷ᠎ᠠ᠂ ᠦᠨᠡᠭᠡ᠂ ᠴᠢᠨ᠋ᠸ᠎ᠠ᠂ ᠬᠡᠭᠡᠷ᠎ᠡ ᠶᠢᠨ ᠭᠠᠭ᠋ᠠᠢ ᠴᠤ ᠰᠦᠷᠦᠭᠯᠡᠨ | ᠠᠮᠢᠳᠤᠷᠠᠵᠤ᠂ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠰᠢᠨ᠎ᠡ ᠶᠢᠨ ᠲᠠᠪᠤᠨ ᠳᠤ ᠠᠪᠠ | ᠲᠠᠯᠪᠢᠵᠤ᠂ ᠦᠨᠡᠭᠡ ᠴᠢᠨ᠋ᠸ᠎ᠠ᠂ ᠬᠡᠬᠡᠷ᠎ᠡ ᠶᠢᠨ ᠭᠠᠭ᠋ᠠᠢ ᠠᠩᠨᠠᠳᠠᠭ᠃ ᠪᠠᠰᠠ ᠲᠤᠭᠤᠳᠠᠭ᠂ ᠪᠦᠷᠭᠦᠳ ᠮᠡᠲᠤ ᠶᠢᠨ | ᠵᠢᠭᠦᠷᠲᠡᠨ ᠴᠤ ᠦᠷᠡᠵᠢᠨ ᠲᠦᠯᠵᠢᠵᠤ᠂ ᠡᠬᠡ ᠪᠠᠶᠢᠭᠠᠯᠢ ᠲᠠᠢ ᠪᠠᠨ ᠡᠶᠡᠰᠦᠨ ᠵᠤᠬᠢᠴᠠᠵᠤ ᠢᠷᠡᠵᠠᠢ᠃ | ᠴᠢᠯᠠᠭᠤᠲᠤ ᠳᠠᠪᠠᠭᠠᠨ ᠤ ᠤᠯᠠᠭᠠᠨ᠎ᠠ ᠭᠡᠵᠤ ᠤᠶᠢᠷ᠎ᠠ ᠬᠠᠪᠢ ᠳᠤ ᠪᠠᠨ ᠨᠡᠷᠡᠲᠠᠢ ᠶᠤᠮ᠂ ᠨᠠᠮᠤᠷ ᠪᠤᠯᠤᠮᠠᠭᠴᠠ | ᠬᠦᠲᠦᠯ ᠵᠢᠯᠠᠭ᠎ᠠ ᠪᠠᠷ ᠨᠢ ᠦᠷᠡᠯᠡᠨ ᠪᠤᠯᠪᠠᠰᠤᠷᠠᠭᠰᠠᠨ ᠤᠯᠠᠭᠠᠨ᠎ᠠ ᠪᠦᠭᠡᠮ ᠪᠦᠭᠡᠮ ᠢᠶᠠᠷ ᠮᠤᠳᠤ ᠪᠠᠨ ᠳᠠᠭᠠᠭᠠᠵᠤ | ᠶᠠᠳᠠᠮ᠎ᠠ ᠰᠠᠭᠤᠵᠤ᠂ ᠨᠠᠷᠠ ᠬᠤᠷ᠎ᠠ ᠲᠡᠩᠴᠡᠬᠦ ᠪᠠᠷ ᠤᠯᠠᠭᠠᠨ᠎ᠠ ᠶᠢᠨ ᠵᠢᠮᠢᠰ ᠪᠤᠯᠪᠠᠰᠣᠷᠠᠨ ᠤᠯᠠᠶᠢᠵᠤ ᠵᠠᠮ ᠶᠠᠪᠤᠭᠰᠠᠳ | ᠤᠨ ᠦᠬᠡᠷ ᠲᠡᠷᠭᠡᠨ ᠮᠦᠭᠡᠷ ᠨᠢ ᠭᠦᠨ ᠤᠯᠠᠭᠠᠨ ᠪᠤᠯᠴᠢᠬᠠᠳᠠᠭ ᠭᠡᠨ᠎ᠡ᠃ ᠠᠳᠡᠬᠢ ᠤᠯᠠᠭᠠᠨ᠎ᠠ ᠶᠢᠨ ᠰᠢᠮ᠎ᠡ ᠰᠢᠭᠦᠰᠦ | ᠳᠦᠭᠦᠷᠡᠩ᠂ ᠦᠨᠦᠷ ᠠᠮᠲᠠ ᠨᠢ ᠡᠲᠡᠭᠡᠳ ᠰᠠᠶᠢᠬᠠᠨ ᠪᠤᠯᠬᠤᠷ ᠵᠡᠭᠦᠨ ᠪᠠᠷᠠᠭᠤᠨ ᠭᠤᠤᠯ ᠤᠨ ᠬᠢᠨ ᠦᠨᠵᠢᠵᠤ | ᠬᠤᠨᠤᠭᠠᠳ ᠲᠡᠭᠦᠳᠡᠭ᠃ | ᠴᠢᠯᠠᠭᠤᠲᠤ ᠳᠠᠪᠠᠭᠠᠨ ᠤ ᠭᠠᠵᠠᠷ ᠤᠨ ᠪᠠᠶᠢᠴᠠ ᠨᠢ ᠰᠠᠷᠠᠭᠤᠯ ᠲᠡᠭᠰᠢᠬᠡᠨ ᠲᠤᠯᠨ ᠨᠠᠶᠢᠷ ᠨᠠᠭᠠᠳᠤᠮ ᠬᠢᠬᠦ | ᠪᠦᠷᠢ ᠤᠷᠤᠯᠳᠤᠭᠠᠨ ᠤ ᠮᠤᠷᠢᠳ ᠲᠠᠯᠪᠢᠵᠤ᠂ ᠠᠭᠲᠠ ᠬᠦᠯᠦᠭ ᠢᠶᠠᠨ ᠰᠢᠯᠭᠠᠯᠴᠠᠳᠠᠭ᠃ ᠬᠠᠬᠢᠷ ᠤᠨ ᠭᠤᠤᠯ ᠤᠨ | ᠲᠠᠲᠠᠮᠠᠯ ᠰᠤᠪᠠᠭ ᠡᠭᠦᠪᠡᠷ ᠦᠡᠭᠭᠡᠷᠡᠭᠰᠡᠨ ᠨᠢ ᠮᠠᠯ ᠰᠦᠷᠦᠭ ᠢᠶᠠᠨ ᠬᠠᠷᠢᠭᠤᠯᠬᠤ᠂ ᠪᠡᠯᠴᠢᠭᠡᠷ ᠬᠠᠳᠣᠯᠠᠩ ᠢᠶᠠᠨ | ᠤᠰᠤᠯᠠᠬᠤ ᠳᠤ ᠠᠰᠢᠭᠦᠢ ᠰᠠᠶᠢᠬᠠᠨ ᠨᠦᠭᠦᠴᠡᠯ ᠢ ᠪᠦᠷᠢᠯᠳᠦᠭᠦᠯᠦᠨ ᠦᠭᠴᠡᠢ᠃ | | ᠴᠠᠷᠴᠠᠬᠠᠢ ᠬᠤᠸ᠋ᠨ | ᠴᠠᠷᠴᠠᠬᠠᠢ ᠬᠤᠸᠠ ᠭᠡᠵᠤ ᠴᠢᠯᠠᠭᠤᠳᠤ ᠲᠠᠪᠠᠭ᠎ᠠ ᠶᠢᠨ ᠵᠡᠭᠦᠨ ᠲᠠᠯ᠎ᠠ ᠳᠤ ᠪᠤᠢ᠃ ᠬᠦᠳᠦᠯ ᠵᠢᠯᠠᠭ᠎ᠠ ᠲᠠᠢ ᠪᠠᠨ | ᠵᠠᠯᠭᠠᠯᠳᠤᠨ ᠨᠠᠮ ᠲᠣᠪᠣᠴᠠᠭ ᠰᠣᠵᠠᠭ ᠲᠠᠢ ᠡᠪᠡᠰᠤ ᠪᠡᠯᠴᠢᠭᠡᠷ ᠰᠢᠮᠡᠯᠢᠭ᠂ ᠬᠠᠷᠭᠠᠨ᠎ᠠ᠂ ᠤᠯᠠᠭᠠᠨ᠎ᠠ ᠶᠢᠨ ᠮᠣᠳᠣ | ᠪᠣᠳᠠ ᠪᠣᠳᠠ ᠪᠠᠷ ᠤᠷᠭᠤᠵᠤ᠂ ᠣᠯᠠᠷᠢᠯ ᠢᠶᠠᠨ ᠲᠠᠭᠠᠨ ᠮᠠᠯᠵᠢᠬᠤ ᠲᠣᠬᠢᠳᠠᠢ ᠭᠠᠵᠠᠷ ᠶᠤᠮ᠃ | ᠠᠩᠬ᠎ᠠ ᠤᠷᠢᠳᠤ ᠳᠤ ᠪᠠᠨ ᠣᠢ ᠰᠢᠭᠤᠢ ᠪᠡᠯᠴᠢᠭᠡᠷ ᠤᠷᠭᠤᠮᠠᠯ ᠳᠤ ᠨᠢ ᠴᠠᠷᠴᠠᠬᠠᠢ ᠤᠯᠠᠨ ᠪᠠᠶᠢᠳᠠᠭ ᠢᠶᠠᠷ | ᠡᠶᠢᠨᠬᠦ ᠨᠡᠷᠡᠯᠡᠭᠰᠡᠨ ᠭᠡᠨ᠎ᠡ᠃ ᠵᠡᠭᠦᠨ ᠪᠠᠷᠠᠭᠤᠨ ᠠᠶᠢᠯ ᠤᠨ ᠮᠠᠯᠴᠢᠨ᠂ ᠠᠪᠠ ᠰᠢᠪᠠᠭᠤᠨ ᠤ ᠬᠦᠮᠦᠰ ᠬᠤᠸ᠋ᠨ ᠶᠢᠨ | ᠤᠷᠤᠢ ᠳᠤ ᠴᠤᠭᠯᠠᠷᠠᠨ᠂ ᠮᠠᠯ ᠠᠬᠤᠢ ᠨᠤᠳᠤᠭ ᠤᠰᠤᠨ ᠤ ᠲᠤᠬᠠᠢ ᠠᠯᠢ ᠠᠵᠤᠭᠤᠷ ᠤᠨ ᠲᠡᠤᠬᠡ᠂ ᠠᠪᠠ | ᠰᠢᠪᠠᠭᠤᠨ ᠤ ᠲᠤᠬᠠᠢ ᠲᠠᠪᠠᠳᠠᠶᠢᠬᠠᠨ ᠵᠤᠭᠤᠭᠳᠠᠨ ᠪᠠᠶᠠᠰᠣᠨ ᠬᠦᠤᠷᠨᠢᠯᠳᠦᠳᠡᠭ ᠭᠡᠵᠤ ᠨᠠᠰᠣᠳᠠᠳ ᠮᠠᠨᠢ ᠬᠡᠯᠡᠵᠡᠭᠡᠳᠡᠭ᠃ | | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ᠄ ᠡ᠊ · ᠰᠠᠷᠠᠭᠤᠯ | |