ᠬᠦᠯ ᠤᠨ ᠱᠤᠷᠤᠩ | ᠬᠦᠯ ᠤᠨ ᠱᠤᠷᠤᠩ ᠪᠤᠯ ᠤᠡᠭᠭᠤᠨ ᠮᠤᠳᠤ ᠶᠢᠨ ᠤᠳᠤᠷ ᠨᠡᠭᠦᠳᠡᠯ ᠤᠨ ᠪᠡᠯᠴᠢᠭᠡᠷ ᠪᠤᠯᠤᠨ᠎ᠠ᠃ ᠲᠠᠷᠤᠢ | ᠤᠳᠤ ᠶᠢᠨ ᠬᠤᠨᠳᠤ ᠠᠵᠤ ᠠᠬᠤᠢ ᠶᠢᠨ ᠰᠢᠭᠤᠢ ᠶᠢᠨ ᠲᠠᠯᠠᠪᠠᠢ ᠶᠢᠨ ᠲᠦᠰᠢᠯᠭᠡ ᠠᠭᠤᠯᠨ ᠶᠢ ᠬᠡᠯᠡᠵᠦ ᠪᠤᠢ᠃ | ᠬᠦᠯ ᠤᠨ ᠱᠤᠷᠤᠩ ᠨᠢ ᠭᠤᠷᠪᠠᠨ ᠰᠠᠯᠠᠭᠠᠳᠤ ᠶᠢᠨ ᠬᠦᠨᠳᠡᠢ ᠶᠢᠨ ᠡᠮᠦᠨ᠎ᠡ᠂ ᠴᠢᠯᠠᠭᠤᠳᠤ ᠲᠠᠪᠠᠭ᠎ᠠ ᠶᠢᠨ | ᠵᠡᠭᠦᠨ ᠡᠮᠦᠨ᠎ᠡ ᠦᠵᠦᠭᠦᠷ ᠲᠤ ᠪᠠᠶᠢᠷᠢᠰᠢᠯ ᠲᠠᠢ ᠲᠤᠯᠨ ᠤᠨᠴᠠᠯᠢᠭ ᠰᠢᠨᠵᠢ ᠪᠠᠷ ᠨᠢ ︽ᠬᠦᠯ ᠤᠨ ᠱᠤᠷᠤᠩ︾ | ᠭᠡᠵᠤ ᠨᠡᠷᠡᠯᠡᠯ᠎ᠡ ᠭᠡᠳᠡᠭ᠃ | ᠬᠦᠯ ᠤᠨ ᠱᠤᠷᠤᠩ ᠳᠤ ᠠᠩᠬ᠎ᠠ ᠡᠷᠳᠡ ᠳᠤ ᠪᠠᠨ ᠬᠠᠷᠭᠠᠨ᠎ᠠ᠂ ᠬᠠᠶᠢᠯᠠᠰᠤ ᠰᠠᠬᠤᠯᠠᠭ ᠤᠷᠭᠤᠵᠦ᠂ ᠡᠪᠡᠰᠦ | ᠪᠡᠯᠴᠢᠭᠡᠷ ᠪᠢᠳᠡᠭᠦᠦ᠂ ᠡᠮᠦᠨ᠎ᠡ ᠲᠠᠯ᠎ᠠ ᠳᠤ ᠨᠢ ᠬᠤᠵᠢᠷ ᠲᠤᠯᠠᠰᠢ ᠲᠠᠢ ᠪᠤᠯᠬᠤᠷ ᠤᠳᠤᠷᠯᠠᠨ ᠮᠠᠯᠵᠢᠬᠤ ᠳᠤ ᠠᠰᠢᠭᠦᠢ | ᠰᠠᠶᠢᠬᠠᠨ ᠭᠠᠵᠠᠷ ᠭᠡᠨ᠎ᠡ᠃ | ᠠᠳᠡ ᠭᠤᠤᠯᠳᠠᠭᠤ ᠬᠠᠪᠤᠷ ᠤᠨ ᠭᠠᠴᠢᠭ᠂ ᠨᠠᠮᠤᠷ ᠲᠤ ᠪᠠᠨ ᠤᠳᠤᠷᠯᠠᠵᠤ᠂ ᠡᠪᠦᠯ ᠵᠤᠨ ᠳᠤ ᠪᠠᠨ ᠪᠤᠳᠠ | ᠪᠡᠯᠴᠢᠭᠡᠷ ᠢ ᠨᠢ ᠬᠠᠮᠠᠭᠠᠯᠠᠵᠤ ᠰᠡᠪᠬᠢᠭᠦᠯᠳᠡᠭ᠃ | 1964 ᠤᠨ ᠳᠤ ᠬᠤᠨᠳᠤ ᠳᠠᠬᠢ ᠤᠢ ᠰᠢᠭᠤᠢ ᠶᠢᠨ ᠲᠠᠯᠠᠪᠠᠢ ᠪᠠᠶᠢᠭᠤᠯᠵᠤ᠂ ᠪᠡᠯᠴᠢᠭᠡᠷ ᠬᠠᠳᠣᠯᠠᠩ ᠢ | ᠬᠠᠭᠠᠯᠪᠣᠷᠢᠯᠠᠨ ᠤᠢ ᠮᠤᠳᠤ ᠲᠠᠷᠢᠭᠰᠠᠨ ᠢᠶᠠᠷ ᠤᠡᠭᠭᠤᠨ ᠮᠤᠳᠤ ᠶᠢᠨ ᠭᠠᠵᠠᠷ ᠨᠣᠳᠤᠭ ᠠᠴᠠ ᠲᠠᠰᠤᠳᠠᠨ ᠠᠪᠴᠠᠢ᠃ | | ᠦᠷᠬᠦᠯᠵᠢ | ᠦᠷᠬᠦᠯᠵᠢ ᠭᠡᠳᠡᠭ ᠨᠢ ᠬᠦᠯ ᠤᠨ ᠱᠤᠷᠤᠩ ᠤᠨ ᠡᠮᠦᠨ᠎ᠡ ᠪᠤᠢ᠃ ᠬᠦᠳᠦᠯ ᠵᠢᠯᠠᠭ᠎ᠠ ᠬᠤᠷᠮᠤᠢ ᠵᠠᠯᠭᠠᠨ | ᠦᠷᠬᠦᠯᠵᠢᠯᠡᠵᠤ᠂ ᠪᠡᠯᠴᠢᠭᠡᠷ ᠤᠰᠤ ᠵᠠᠯᠭᠠᠯᠳᠤᠵᠤ᠂ ᠤᠳᠤᠷ ᠵᠤᠰᠠᠭᠠᠯ ᠰᠠᠭᠤᠳᠠᠭ ᠢᠶᠠᠷ ᠢᠶᠠᠨ ᠢᠩᠭᠢᠵᠤ ᠨᠡᠷᠡᠯᠡᠪᠡ | ᠭᠡᠨ᠎ᠡ᠃ | ᠦᠷᠭᠦᠯᠵᠢ ᠶᠢᠨ ᠬᠦᠷᠦᠰᠦ ᠰᠢᠷᠤᠢ ᠴᠢᠭᠢᠭᠯᠢᠭ ᠬᠤᠵᠢᠷ ᠲᠤᠯᠠᠰᠢ ᠲᠠᠢ᠂ ᠠᠭᠤᠷ ᠠᠮᠢᠰᠬᠤᠯ ᠤᠷᠢᠨ | ᠲᠤᠯᠠᠭᠠᠨ ᠪᠤᠯᠤᠮᠠᠭᠴᠠ ᠡᠷᠳᠡ ᠨᠤᠭᠤᠭ᠎ᠠ ᠭᠠᠷᠳᠠᠭ ᠠᠴᠠ ᠵᠢᠯ ᠪᠦᠷᠢ ᠶᠢᠨ ᠬᠠᠪᠤᠷ ᠵᠤᠨ ᠪᠤᠯᠤᠭᠰᠠᠭᠠᠷ ᠤᠶᠢᠷ᠎ᠠ | ᠬᠠᠪᠢ ᠶᠢᠨ ᠮᠠᠯᠴᠢᠳ ᠰᠦᠷᠦᠭ ᠢᠶᠠᠨ ᠲᠠᠭᠤᠵᠤ ᠢᠷᠡᠭᠡᠳ ᠭᠠᠩ ᠭᠠᠴᠢᠭ ᠢ ᠭᠡᠳᠦᠯᠳᠡᠭ᠃ | | ᠳ᠋ᠦᠩᠰᠡᠭᠡᠷ | ᠳ᠋ᠦᠩᠰᠡᠭᠡᠷ ᠠᠭᠤᠯᠠ ᠨᠢ ᠬᠦᠯ ᠤᠨ ᠱᠤᠷᠤᠩ ᠤᠨ ᠡᠮᠦᠨ᠎ᠡ ᠨᠢ ᠪᠤᠢ᠃ ᠲᠦᠷᠪᠡᠨ ᠲᠠᠯ᠎ᠠ ᠪᠠᠷ ᠨᠢ ᠶᠡᠭᠡ | ᠪᠠᠭ᠎ᠠ ᠠᠭᠤᠯᠠᠰ ᠬᠦᠷᠢᠶᠡᠯᠡᠵᠤ᠂ ᠬᠦᠳᠦᠯ ᠵᠢᠯᠠᠭ᠎ᠠ᠂ ᠲᠡᠪᠰᠠᠭ ᠲᠤᠪᠤ ᠪᠠᠷ ᠨᠢ ᠬᠠᠷᠭᠠᠨ᠎ᠠ᠂ ᠬᠠᠶᠢᠯᠠᠰᠤ ᠤᠷᠭᠤᠵᠤ᠂ | ᠣᠯᠠᠨ ᠵᠦᠢᠯ ᠤᠨ ᠡᠪᠡᠰᠤ ᠤᠷᠭᠤᠮᠠᠯ ᠦᠩᠭᠡ ᠢᠯᠭᠠᠷᠠᠨ ᠵᠡᠭᠡᠷ᠎ᠡ ᠭᠤᠷ᠎ᠠ᠂ ᠲᠠᠤᠯᠠᠢ᠂ ᠦᠨᠡᠭᠡ᠂ ᠮᠠᠩᠭᠢᠰᠤ ᠮᠡᠳᠤ | ᠶᠢᠨ ᠬᠡᠭᠡᠷ᠎ᠡ ᠶᠢᠨ ᠠᠷᠢᠶᠠᠳᠠᠨ ᠦᠷᠡᠵᠢᠨ ᠲᠦᠯᠵᠢᠵᠤ ᠲᠦᠮᠡᠨ ᠤᠷᠭᠤᠮᠠᠯ ᠮᠢᠩᠭᠠᠨ ᠠᠷᠢᠶᠠᠳᠠᠨ ᠤ ᠦᠯᠦᠭᠡᠢ | ᠪᠠᠶᠢᠭᠰᠠᠨ ᠭᠡᠨ᠎ᠡ᠃ | ᠲᠡᠭᠡᠷ᠎ᠡ ᠵᠠᠭᠤᠨ ᠤ ᠲᠠᠪᠢᠭᠠᠳ ᠤᠨ ᠪᠣᠯᠳᠠᠯ᠎ᠠ ᠮᠠᠯᠴᠢᠳ ᠵᠤᠰᠠᠭᠠᠯ ᠨᠠᠮᠤᠷᠵᠢᠶ᠎ᠠ ᠪᠠᠷ ᠭᠠᠷᠴᠤ᠂ ᠵᠢᠯ ᠪᠦᠷᠢ | ᠬᠡᠳᠦᠨ ᠣᠳᠠᠭ᠎ᠠ ᠶᠢᠨ ᠰᠣᠮᠣ ᠬᠡᠪᠴᠢᠶᠡᠨ ᠤ ᠬᠡᠭᠡᠷ᠎ᠡ ᠶᠢᠨ ᠭᠠᠭ᠋ᠠᠢ᠂ ᠵᠡᠭᠡᠷ᠎ᠡ ᠶᠢᠨ ᠠᠪᠠ ᠲᠠᠯᠪᠢᠳᠠᠭ ᠪᠠᠶᠢᠵᠠᠢ᠃ | ᠠᠶᠢᠯ ᠡᠷᠦᠬᠡ ᠨᠡᠮᠡᠭᠳᠡᠨ ᠭᠠᠳᠠᠨ᠎ᠠ ᠶᠢᠨ ᠢᠷᠭᠡᠳ ᠨᠡᠭᠦᠬᠦ ᠶᠢ ᠲᠠᠭᠠᠯᠳᠤᠨ ᠦᠭᠡᠷ᠎ᠡ ᠠᠶᠢᠯ ᠤᠨ ᠨᠣᠳᠤᠭ ᠪᠣᠯᠪᠠ᠃ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ᠄ ᠡ᠊ · ᠰᠠᠷᠠᠭᠤᠯ | | |