ᠬᠠᠯᠠᠭᠠᠶᠢᠳᠤ ᠶᠢᠨ ᠭᠤᠤ | ᠬᠠᠯᠠᠭᠠᠶᠢᠳᠤ ᠶᠢᠨ ᠭᠤᠤ ᠭᠡᠵᠤ ᠬᠦᠯ ᠤᠨ ᠱᠤᠷᠤᠩ ᠤᠨ ᠡᠮᠦᠨ᠎ᠡ ᠪᠤᠢ᠃ ᠠᠳᠡ ᠪᠡᠯᠴᠢᠭᠡᠷ ᠰᠠᠶᠢᠳᠠᠢ | ᠪᠦᠭᠡᠳ ᠬᠤᠵᠢᠷ ᠲᠤᠯᠠᠰᠢ ᠲᠠᠢ᠂ ᠬᠠᠯᠠᠭᠠᠢ ᠶᠡᠭᠡ ᠤᠷᠭᠤᠳᠠᠭ ᠢᠶᠠᠷ ᠢᠶᠠᠨ ᠢᠩᠭᠢᠵᠤ ᠨᠡᠷᠡᠯᠡᠭᠰᠡᠨ ᠭᠡᠨ᠎ᠡ᠃ ᠵᠤᠨ | ᠪᠤᠯᠪᠠᠯ ᠬᠠᠯᠠᠭᠠᠢ ᠬᠡᠳᠦᠨ ᠠᠯᠳᠠ ᠦᠨᠳᠦᠷ ᠤᠷᠭᠤᠵᠤ ᠬᠦᠮᠦᠨ ᠠᠮᠢᠲᠠᠨ ᠬᠠᠪᠢᠳᠠᠬᠤ ᠶᠢᠨ ᠠᠷᠭ᠎ᠠ ᠦᠭᠡᠢ ᠭᠡᠳᠡᠭ᠃ | ᠬᠠᠪᠤᠷ ᠤᠨ ᠭᠠᠴᠢᠭ ᠴᠠᠭ ᠲᠤ ᠮᠠᠯ ᠰᠦᠷᠦᠭ ᠢᠶᠠᠨ ᠬᠠᠷᠢᠭᠤᠯᠬᠤ ᠰᠠᠶᠢᠬᠠᠨ ᠭᠠᠵᠠᠷ ᠪᠢᠯᠡ᠃ | ᠨᠤᠳᠤᠭ ᠤᠨ ᠬᠦᠮᠦᠰ ᠬᠠᠪᠤᠷ ᠤᠨ ᠤᠷᠢᠨ ᠪᠣᠯᠣᠮᠠᠭᠴᠠ ᠶᠠᠳᠠᠷ ᠲᠤᠷᠤᠢ ᠮᠠᠯ ᠢᠶᠠᠨ ᠠᠪᠴᠣ ᠬᠠᠯᠠᠭᠠᠶᠢᠳᠤ | ᠶᠢᠨ ᠭᠤᠤ ᠶᠢᠨ ᠬᠠᠵᠠᠭᠤ ᠬᠠᠪᠢ ᠶᠢᠨ ᠪᠡᠯᠴᠢᠭᠡᠷ ᠲᠤ ᠤᠳᠤᠷᠯᠠᠨ ᠬᠠᠭᠳᠠ ᠶᠢᠨ ᠨᠣᠭᠤᠭ᠎ᠠ ᠲᠠᠢ ᠵᠤᠯᠭᠠᠭᠤᠯᠳᠠᠭ | ᠪᠠᠶᠢᠪᠠ᠃ ᠪᠠᠰᠠ ᠬᠤᠵᠢᠷ ᠲᠤᠯᠠᠰᠢ ᠶᠢ ᠨᠢ ᠵᠦᠭᠡᠭᠡᠵᠣ ᠮᠠᠯ ᠠᠬᠤᠢ ᠳᠤ ᠪᠠᠨ ᠦᠭᠳᠡᠭ ᠶᠤᠮ᠃ | ᠬᠦᠮᠦᠰ ᠮᠠᠯ ᠰᠦᠷᠦᠭ ᠢᠶᠠᠨ ᠬᠠᠷᠢᠭᠤᠯᠤᠨ ᠶᠠᠪᠤᠬᠤ ᠳᠤ ᠪᠠᠨ ᠭᠠᠵᠠᠷ ᠤᠰᠤᠨ ᠤ ᠪᠠᠨ ᠦᠯᠢᠭᠡᠷ ᠳᠤᠮᠤᠭ ᠢ | ᠬᠠᠭᠤᠴᠢᠯᠠᠨ ᠶᠠᠷᠢᠵᠦ᠂ ᠬᠡᠤᠬᠡᠳ ᠬᠤᠶᠢᠴᠢᠰ ᠲᠤ ᠪᠠᠨ ᠡᠬᠡ ᠪᠠᠶᠢᠭᠠᠯᠢ ᠪᠠᠨ ᠬᠠᠶᠢᠷᠠᠯᠠᠨ ᠬᠢᠮᠠᠭᠠᠳᠠᠬᠤ ᠶᠢᠨ ᠤᠴᠢᠷ | ᠶᠤᠰᠤ ᠶᠢ ᠰᠡᠭᠡᠭᠡᠷᠡᠭᠦᠯᠵᠦ᠂ ᠨᠤᠲᠤᠭ ᠤᠰᠤ ᠪᠠᠨ ᠬᠡᠵᠢᠶᠡᠳᠡ ᠪᠦᠷᠢᠨ ᠪᠦᠲᠦᠨ ᠢᠶᠠᠷ ᠦᠮᠴᠢᠯᠡᠵᠦ ᠰᠠᠭᠤᠬᠤ ᠶᠢ | ᠰᠤᠷᠭᠠᠳᠠᠭ ᠶᠤᠮ᠃ | | ᠴᠠᠭᠠᠨ ᠬᠤᠸᠠ | ᠡᠨᠡ ᠬᠤᠸᠠ ᠶᠢᠨ ᠴᠢᠯᠠᠭᠤ ᠰᠢᠷᠤᠢ ᠨᠢ ᠴᠠᠭᠠᠨ᠂ ᠠᠭᠤᠯᠠᠰ ᠤᠨ ᠢᠶᠠᠨ ᠳᠤᠮᠳᠠ ᠠᠴᠠ ᠤᠨᠴᠠ ᠢᠯᠡ ᠲᠠᠢ | ᠬᠠᠷᠠᠭᠳᠠᠳᠠᠭ ᠠᠴᠠ ᠡᠶᠢᠨᠬᠦ ᠨᠡᠷᠡᠯᠡᠭᠰᠡᠨ ᠭᠡᠨ᠎ᠡ᠃ ᠠᠩᠬ᠎ᠠ ᠡᠷᠳᠡ ᠳᠤ ᠪᠠᠨ ᠨᠤᠳᠤᠭ ᠤᠨ ᠮᠠᠯᠴᠢᠳ ᠡᠨᠡ ᠬᠠᠪᠢ | ᠶᠢᠨ ᠪᠡᠯᠴᠢᠭᠡᠷ ᠢ ᠨᠦᠭᠡᠴᠡ ᠪᠤᠯᠭᠠᠵᠤ᠂ ᠬᠠᠪᠤᠷ ᠤᠨ ᠭᠠᠩ ᠬᠠᠭᠰᠠᠷᠭᠠᠨ ᠲᠤᠬᠢᠶᠠᠯᠳᠤᠪᠠᠯ ᠤᠳᠤᠷᠯᠠᠨ ᠨᠡᠭᠦᠳᠡᠯᠯᠡᠳᠡᠭ | ᠃ ᠤᠳᠤ ᠡᠨᠡ ᠭᠠᠵᠠᠷ ᠢ ᠡᠪᠦᠭᠡᠳ ᠨᠠᠰᠤᠳᠠᠳ ᠯᠡ ᠮᠡᠳᠡᠳᠡᠭ᠃ ᠲᠡᠳᠡ ᠨᠠᠷ᠄ | ᠴᠠᠭᠠᠨ ᠬᠤᠸᠠ ᠶᠢᠨ ᠪᠡᠯᠴᠢᠭᠡᠷ | ᠴᠠᠭ ᠴᠠᠭ ᠲᠤ ᠪᠠᠨ ᠨᠤᠭᠤᠭᠠᠷᠠᠳᠠᠭ | ᠮᠠᠯ ᠰᠦᠷᠦᠭ ᠲᠦᠯᠵᠢᠨ ᠴᠠᠶᠢᠷᠠᠭᠠᠳ | ᠮᠠᠰᠢ ᠪᠠᠶᠠᠷ ᠲᠠᠢ ᠨᠡᠭᠦᠳᠡᠯᠯᠡᠳᠡᠭ ᠁ | ᠭᠡᠵᠦ ᠤᠷᠢᠳᠦ ᠶᠢᠨ ᠳᠠᠭᠤᠤ ᠪᠠᠨ ᠵᠤᠭᠤᠭᠳᠠᠨ ᠨᠠᠷᠭᠢᠳᠠᠭ ᠶᠤᠮ᠃ | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠣᠭᠴᠢ᠄ ᠡ᠊ · ᠰᠠᠷᠠᠭᠤᠯ | |