ᠨᠤᠮᠢᠨ ᠦᠰᠦᠳᠦ | | ᠨᠠᠷᠢᠨ ᠴᠠᠪᠠ ᠶᠢᠨ ᠵᠡᠭᠦᠨ ᠳᠠᠯ᠎ᠠ ᠪᠠᠷ ᠬᠢ ᠠᠭᠤᠯᠠᠰ ᠢ ᠠᠳᠡᠬᠢ ᠬᠦᠮᠦᠰ ᠯᠤᠤ ᠬᠡᠪᠳᠡᠭᠰᠡᠨ ᠪᠠᠶᠢᠷᠢᠰᠢᠯ ᠲᠠᠢ | ᠬᠡᠵᠦ ᠵᠦᠢᠷᠯᠡᠳᠡᠭ᠃ ᠨᠤᠮᠢᠨ ᠦᠰᠦᠳᠦ ᠶᠢ ᠯᠤᠤ ᠶᠢᠨ ᠳᠤᠯᠤᠭᠠᠢ ᠬᠡᠵᠦ ᠬᠡᠯᠡᠳᠡᠭ ᠪᠢᠯᠡ᠃ ᠴᠤᠬᠤᠮ ᠶᠠᠭᠤ ᠬᠡᠵᠦ | ᠨᠤᠮᠢᠨ ᠦᠰᠦᠳᠦ ᠪᠤᠢ ᠬᠡᠰᠡᠨ ᠳᠤᠬᠠᠢ ᠨᠠᠰᠤᠳᠠᠳ ᠠᠴᠠ᠄ | — ᠨᠤᠮᠢᠨ ᠦᠰᠦᠳᠦ ᠶᠢᠨ ᠡᠷᠬᠢᠨ ᠳᠤᠭᠤᠷᠢᠨ ᠳᠤ ᠠᠯᠳᠠᠭᠠᠨ᠎ᠠ᠂ ᠪᠤᠷᠭᠠᠰᠤ᠂ ᠬᠠᠶᠢᠯᠠᠰᠤ ᠮᠡᠳᠦ ᠶᠢᠨ ᠤᠢ | ᠰᠢᠭᠤᠢ ᠡᠯᠪᠡᠭ ᠤᠷᠭᠤᠪᠠ᠃ ᠤᠷᠤᠢ ᠳᠤ ᠨᠢ ᠭᠠᠷᠤᠭᠠᠳ ᠦᠵᠡᠪᠡᠯ ᠠᠭᠤᠯᠠ ᠶᠢ ᠪᠢᠳᠡᠬᠦᠯᠦᠨ ᠤᠷᠭᠤᠭᠰᠠᠨ ᠤᠢ | ᠤᠷᠭᠤᠮᠠᠯ ᠨᠢ ᠶᠠᠭ ᠯᠠ ᠨᠤᠪ ᠨᠤᠭᠤᠭᠠᠨ ᠦᠰᠦ ᠰᠢᠭ ᠬᠠᠷᠠᠭᠳᠠᠳᠠᠭ ᠢᠶᠠᠷ ᠨᠢ ︽ᠨᠤᠮᠢᠨ ᠦᠰᠦᠳᠦ︾ ᠬᠡᠯᠡ ᠬᠡᠵᠦ | ᠬᠠᠭᠤᠴᠢᠯᠠᠨ ᠳᠠᠶᠢᠯᠪᠤᠷᠢᠯᠠᠳᠠᠭ᠃ | ᠬᠠᠵᠠᠭᠤ ᠳᠤ ᠨᠢ ᠪᠠᠶᠢᠭ᠎ᠠ ᠨᠠᠭᠤᠷ ᠢ ᠨᠢ ᠨᠤᠮᠢᠨ ᠦᠰᠦᠳᠦ ᠶᠢᠨ ᠨᠠᠭᠤᠷ ᠬᠡᠵᠦ᠂ ᠨᠠᠭᠤᠷ ᠨᠢ ᠰᠢᠷᠬᠢᠰᠢ | ᠦᠬᠡᠢ ᠪᠤᠷᠬᠢᠯᠤᠨ ᠳᠤᠩᠭᠠᠯᠠᠭ ᠴᠡᠪᠡᠷ᠂ ᠬᠤᠵᠢᠷ ᠦᠬᠡᠢ ᠪᠠᠶᠢᠳᠠᠭ ᠢᠶᠠᠷ ᠢᠶᠠᠨ ᠮᠠᠯ ᠰᠦᠷᠦᠭ ᠢᠶᠠᠨ ᠤᠰᠤᠯᠠᠬᠤ ᠳᠤ | ᠬᠤᠪᠤᠷᠬᠠᠨ ᠳᠡᠵᠢᠬᠡᠯ ᠲᠠᠢ ᠪᠢᠯᠡ᠃ ᠨᠤᠮᠢᠨ ᠦᠰᠦᠳᠦ ᠶᠢᠨ ᠤᠷᠤᠢ ᠳᠤ ᠭᠠᠷᠴᠦ ᠤᠷᠴᠢᠨ ᠳᠤᠭᠤᠷᠢᠨ ᠢ ᠠᠵᠢᠭᠯᠠᠨ | ᠬᠠᠷᠠᠪᠠᠯ ᠭᠠᠵᠠᠷ ᠪᠤᠯᠭᠠᠨ ᠳᠤ ᠨᠢ ᠨᠠᠭᠤᠷ ᠤᠰᠤ ᠳᠤᠨᠤᠯᠵᠠᠨ ᠡᠪᠡᠰᠦ ᠤᠷᠭᠤᠮᠠᠯ ᠲᠠᠢ ᠪᠠᠨ ᠦᠵᠡᠮᠵᠢ ᠵᠤᠬᠢᠴᠠᠭᠠᠳ | ᠬᠤᠷᠸ᠎ᠠ ᠳᠤ ᠬᠤᠪᠤᠷᠬᠠᠨ ᠦᠵᠡᠭᠳᠡᠯ ᠬᠡᠵᠦ ᠪᠠᠭ᠋ᠠᠷᠬᠠᠳᠠᠭ᠃ | ᠨᠤᠮᠢᠨ ᠦᠰᠦᠳᠦ ᠶᠢᠨ ᠵᠡᠭᠦᠨ ᠪᠠᠷᠠᠭᠤᠨ ᠳᠠᠯ᠎ᠠ ᠳᠠᠬᠢ ᠨᠠᠭᠤᠷ ᠢ ᠬᠦᠮᠦᠰ ᠯᠤᠤ ᠶᠢᠨ ᠬᠤᠶᠠᠷ ᠨᠢᠳᠤ ᠬᠡᠵᠦ | ᠵᠦᠢᠷᠯᠡᠳᠡᠭ᠃ ᠨᠤᠮᠢᠨ ᠦᠰᠦᠳᠦ ᠶᠢ ᠯᠤᠤ ᠶᠢᠨ ᠳᠤᠯᠤᠭᠠᠢ ᠬᠡᠨ᠎ᠡ᠃ ᠮᠠᠩᠬᠠᠨ ᠳᠤᠮᠳᠠ ᠵᠢᠪᠡᠳᠦ ᠬᠡᠬᠦ ᠤᠷᠤᠢ ᠪᠤᠢ᠂ | ᠠᠳᠡ ᠠᠴᠠ ᠵᠦᠬᠡᠯᠡᠨ ᠴᠢᠯᠠᠭᠤ ᠭᠠᠷᠳᠠᠭ᠃ ᠵᠢᠪᠡᠳᠦ ᠶᠢ ᠬᠦᠮᠦᠰ ᠯᠤᠤ ᠶᠢᠨ ᠪᠡᠶ᠎ᠡ ᠨᠢ ᠬᠡᠳᠡᠭ᠃ ᠠᠳᠡᠬᠢ ᠡᠪᠡᠰᠦ | ᠪᠡᠯᠴᠢᠬᠡᠷ᠂ ᠪᠤᠳᠠ ᠪᠤᠷᠭᠠᠰᠤ ᠡᠯᠪᠡᠭ ᠵᠤᠵᠠᠭᠠᠨ ᠤᠷᠭᠤᠵᠤ ᠮᠠᠯ ᠰᠦᠷᠦᠭ ᠤᠳᠤᠷᠯᠠᠨ ᠨᠡᠬᠦᠬᠦ ᠳᠤ ᠠᠰᠢᠬᠦᠢ | ᠰᠠᠶᠢᠬᠠᠨ ᠭᠠᠵᠠᠷ ᠪᠢᠯᠡ᠃ ᠳᠡᠭᠦᠨ ᠠᠴᠠ ᠵᠡᠭᠦᠨ ᠬᠤᠶᠢᠨ᠎ᠠ ᠪᠠᠶᠢᠭ᠎ᠠ ᠪᠠᠶᠠᠨ ᠤᠪᠤᠭ᠎ᠠ ᠶᠢ ᠯᠤᠤ ᠶᠢᠨ ᠰᠡᠬᠦᠯ ᠬᠡᠳᠡᠭ᠃ | ᠠᠯᠤᠰ ᠠᠴᠠ ᠠᠵᠢᠭᠯᠠᠨ ᠦᠵᠡᠪᠡᠯ ᠡᠳᠡᠬᠡᠷ ᠠᠭᠤᠯᠠ ᠬᠦᠳᠦᠯ ᠨᠢ ᠶᠠᠭ ᠯᠠ ᠯᠤᠤ ᠬᠡᠪᠳᠡᠭᠰᠡᠨ ᠮᠡᠳᠦ ᠬᠡᠯᠪᠡᠷᠢᠳᠠᠢ | ᠪᠦᠬᠡᠳ ᠬᠡᠨ ᠦᠵᠡᠭᠰᠡᠨ ᠴᠦ ᠨᠢᠬᠡ ᠯᠠ ᠠᠳᠠᠯᠢ ᠬᠠᠷᠠᠭᠳᠠᠭᠠᠳ ᠪᠠᠶᠢᠳᠠᠭ ᠬᠡᠨ᠎ᠡ᠃ | ᠨᠤᠳᠤᠭ ᠤᠨ ᠪᠤᠭᠤᠷᠤᠯᠴᠤᠤᠯ᠄ | — ᠮᠠᠨᠤᠰ ᠬᠠᠷᠠᠬᠠᠨ ᠪᠠᠭ᠎ᠠ ᠠᠴᠠ ᠪᠠᠨ ᠠᠭᠤᠯᠠ ᠤᠰᠤᠨ ᠤ ᠪᠠᠨ ᠳᠤᠮᠤᠭ ᠢ ᠰᠤᠨᠤᠰᠤᠯ᠎ᠠ᠂ ᠳᠡᠷᠡ ᠦᠶ᠎ᠡ | ᠳᠤ ᠦᠯᠢᠬᠡᠷ ᠰᠢᠭ ᠯᠠ ᠰᠤᠨᠤᠰᠤᠭᠠᠳ ᠦᠩᠬᠡᠷᠡᠬᠡᠳᠡᠭ᠃ ᠬᠤᠵᠢᠮ ᠨᠢ ᠮᠠᠯ ᠠᠬᠤᠢ ᠪᠠᠨ ᠬᠠᠷᠢᠭᠤᠯᠤᠨ ᠬᠡᠬᠡᠷ᠎ᠡ | ᠭᠠᠳᠠᠨ᠎ᠠ ᠶᠠᠪᠤᠬᠤ ᠳᠤ ᠪᠠᠨ ᠦᠯᠢᠬᠡᠷ ᠳᠤᠮᠤᠭ ᠲᠠᠢ ᠭᠠᠵᠠᠷ ᠤᠰᠤ ᠪᠠᠨ ᠠᠵᠢᠭᠯᠠᠨ ᠠᠩᠬᠠᠷᠪᠠᠯ ᠰᠦᠵᠦᠭ ᠤᠷᠤᠮᠠᠷ | ᠰᠦᠷ ᠭᠠᠶᠢᠬᠠᠮᠰᠢᠭ ᠲᠠᠢ ᠪᠤᠳᠤᠭᠳᠠᠳᠠᠭ᠃ ᠮᠠᠨ ᠤ ᠨᠤᠳᠤᠭ ᠤᠨ ᠠᠭᠤᠯᠠ ᠤᠰᠤ ᠬᠡᠭᠴᠢ ᠡᠳᠡᠬᠡᠳ ᠭᠤᠶᠤ | ᠪᠠᠶᠢᠳᠠᠭ ᠶᠤᠮ ᠬᠡᠵᠦ ᠬᠠᠭᠤᠴᠢᠯᠠᠨ ᠱᠠᠭᠰᠢᠳᠠᠭ᠃ | ᠨᠤᠳᠤᠭ ᠢᠶᠠᠨ ᠰᠠᠬᠢᠵᠤ ᠨᠤᠭᠤᠯᠤᠭᠤᠷ ᠢᠶᠠᠨ ᠢᠳᠡᠭᠰᠡᠨ ᠮᠠᠯᠴᠢᠳ ᠮᠠᠨᠢ ᠪᠠᠶᠢᠭᠠᠯᠢ ᠠᠬᠤᠢ ᠪᠠᠨ ᠬᠢᠮᠠᠭᠠᠳᠠᠨ | ᠡᠪᠡᠰᠦ ᠤᠷᠭᠤᠮᠠᠯ ᠢ ᠨᠢ ᠬᠠᠮᠠᠭᠠᠯᠠᠵᠤ᠂ ᠡᠯᠡᠰᠦ ᠮᠠᠩᠬᠠᠨ ᠳᠤᠨᠢ ᠪᠤᠷᠭᠠᠰᠤ ᠡᠪᠡᠰᠦ ᠳᠠᠷᠢᠵᠤ ᠠᠴᠢ ᠰᠢᠮ᠎ᠡ ᠶᠢ ᠨᠢ | ᠬᠦᠷᠳᠡᠨ ᠠᠳᠤᠭᠤ ᠮᠠᠯ ᠢᠶᠠᠨ ᠦᠰᠬᠡᠵᠦ᠂ ᠳᠡᠭᠷᠢ ᠶᠢᠨ ᠬᠡᠰᠢᠭ ᠭᠠᠵᠠᠷ ᠤᠨ ᠠᠰᠢᠭ ᠢᠶᠠᠷ ᠢᠶᠠᠨ ᠳᠡᠭᠵᠢᠷᠡᠯ ᠪᠠᠶᠠᠵᠢᠯ | ᠤᠨ ᠵᠠᠮ ᠢ ᠡᠯᠬᠦᠵᠦ ᠨᠡᠶᠢᠬᠡᠮ ᠤᠨ ᠰᠠᠶᠢᠬᠠᠨ ᠳᠤ ᠬᠦᠷᠦᠩᠬᠡᠰᠢᠵᠦ ᠶᠠᠪᠤᠨ᠎ᠠ᠃ | | ᠪᠦᠳᠦᠬᠦᠨᠬᠤᠸᠠ | | ᠰᠠᠶᠢᠯᠢ ᠶᠢᠨ ᠠᠶᠢᠯ ᠤᠨ ᠪᠠᠷᠠᠭᠤᠨ ᠬᠤᠶᠢᠨ᠎ᠠ ᠪᠠᠶᠢᠭ᠎ᠠ ᠠᠭᠤᠯᠠ ᠶᠢ ᠪᠦᠳᠦᠬᠦᠨᠬᠤᠸᠠ ᠬᠡᠨ᠎ᠡ᠃ ᠡᠬᠦᠨ ᠤ | ᠢᠷᠡᠯᠳᠡ ᠶᠢ ᠨᠠᠰᠤᠳᠠᠳ ᠠᠴᠠ ᠨᠠᠷᠢᠪᠴᠢᠯᠠᠪᠠᠯ᠄ | — ᠡᠨᠡᠬᠦ ᠠᠭᠤᠯᠠ ᠶᠢ ᠠᠯᠤᠰ ᠠᠴᠠ ᠪᠠᠷᠠᠯᠠᠪᠠᠯ ᠤᠯᠠᠨ ᠠᠭᠤᠯᠠ ᠳᠤᠯᠤᠭᠠᠳ ᠤᠨ ᠢᠶᠠᠨ ᠳᠤᠮᠳᠠ ᠤᠨᠴᠠᠭᠠᠢ | ᠳᠤᠮᠤ ᠰᠢᠭ᠋ ᠬᠠᠷᠠᠭᠳᠠᠳᠠᠭ ᠢᠶᠠᠷ ᠨᠢ ︽ᠪᠦᠳᠦᠬᠦᠨ ᠬᠤᠸᠠ︾ ᠬᠡᠵᠦ ᠨᠡᠷᠡᠯᠡᠭᠰᠡᠨ ᠬᠡᠵᠦ ᠳᠠᠶᠢᠯᠪᠤᠷᠢᠯᠠᠳᠠᠭ᠃ | ᠠᠩᠬ᠎ᠠ ᠤᠷᠢᠳᠤ ᠳᠤ ᠪᠠᠨ ᠪᠦᠳᠦᠬᠦᠨ ᠬᠤᠸᠠ ᠶᠢᠨ ᠤᠶᠢᠷᠠᠮ ᠳᠤᠭᠤᠷᠢᠮ ᠳᠤ ᠠᠶᠢᠯ ᠡᠷᠦᠬᠡ ᠦᠬᠡᠢ᠂ | ᠬᠠᠷᠭᠠᠨ᠎ᠠ᠂ ᠳᠡᠯᠳᠦ ᠢᠭ᠌ᠴᠢ ᠤᠷᠭᠤᠵᠤ᠂ ᠬᠠᠶᠠ ᠪᠠᠰᠠ ᠬᠠᠶᠢᠯᠠᠰᠤᠨ ᠮᠤᠳᠤᠳ ᠲᠠᠢ ᠪᠦᠬᠡᠳ ᠪᠢᠳᠡᠬᠦᠤ ᠪᠡᠯᠴᠢᠬᠡᠷ | ᠲᠠᠢ ᠪᠤᠯᠬᠤᠷ ᠡᠪᠦᠯ ᠬᠠᠪᠤᠷ ᠤᠨ ᠴᠠᠭ ᠲᠤ ᠯᠠ ᠤᠳᠤᠷᠯᠠᠨ ᠢᠷᠡᠵᠡᠬᠡᠳᠡᠭ᠃ 1970 ᠭᠠᠳ ᠤᠨ ᠪᠤᠯᠳᠠᠯ᠎ᠠ ᠨᠢᠬᠡ | ᠬᠤᠶᠠᠷ ᠤᠳᠤᠷ ᠤᠨ ᠬᠡᠷ ᠲᠠᠢ᠂ ᠡᠪᠦᠯ ᠬᠠᠪᠤᠷ ᠢᠶᠠᠨ ᠦᠩᠬᠡᠷᠡᠪᠡᠯ ᠮᠠᠯ ᠰᠦᠷᠦᠭ ᠳᠡᠮᠡᠢ ᠢᠷᠡᠳᠡᠭ ᠦᠬᠡᠢ᠃ ᠳᠡᠷᠡ | ᠦᠶ᠎ᠡ ᠳᠤ ᠬᠦᠮᠦᠰ ᠭᠠᠭᠴᠠ ᠬᠤᠶᠠᠷ ᠢᠶᠠᠷ ᠢᠶᠠᠨ ᠡᠵᠡᠬᠦᠢ ᠬᠡᠬᠡᠷ᠎ᠡ ᠢᠷᠡᠬᠦ ᠠᠴᠠ ᠪᠠᠨ ᠵᠢᠷᠦᠬᠡᠰᠢᠶᠡᠳᠡᠭ ᠬᠡᠨ᠎ᠡ᠃ | 1990 ᠬᠡᠳ ᠤᠨ ᠠᠴᠠ ᠵᠡᠭᠦᠨ ᠮᠠᠩᠬ᠎ᠠ ᠶᠢ ᠬᠤᠷᠢᠭᠠᠳᠤ ᠤᠷᠤᠨ ᠪᠤᠯᠭᠠᠭᠰᠠᠨ ᠪᠠ ᠠᠶᠢᠯ ᠡᠷᠦᠬᠡ ᠶᠢ | ᠨᠡᠬᠦᠯᠬᠡᠨ ᠰᠢᠯᠵᠢᠭᠦᠯᠬᠦ ᠵᠡᠷᠬᠡ ᠶᠢᠨ ᠰᠢᠯᠳᠠᠭᠠᠨ ᠢᠶᠠᠷ ᠪᠦᠳᠦᠬᠦᠨ ᠬᠤᠸᠠ ᠬᠠᠪᠢ ᠪᠠᠷ ᠠᠶᠢᠯ ᠡᠷᠦᠬᠡ ᠰᠠᠭᠤᠷᠢᠰᠢᠨ᠂ | ᠳᠤᠤᠷ᠎ᠠ ᠨᠠᠮ ᠭᠠᠵᠠᠷ ᠲᠤ ᠨᠢ ᠡᠪᠡᠰᠦᠨ ᠬᠦᠷᠢᠶ᠎ᠡ ᠳᠠᠳᠠᠨ ᠤᠯᠠᠨ ᠵᠦᠢᠯ ᠤᠨ ᠳᠠᠷᠢᠮᠠᠯ ᠳᠠᠷᠢᠵᠤ᠂ ᠵᠤ ᠬᠠᠵᠠᠭᠤ ᠪᠠᠷ | ᠨᠢ ᠬᠡᠰᠡᠭᠯᠡᠨ ᠪᠢᠳᠡᠬᠦᠮᠵᠢᠯᠡᠵᠦ ᠮᠠᠯ ᠰᠦᠷᠦᠭ ᠢᠶᠠᠨ ᠪᠡᠯᠴᠢᠬᠡᠷᠯᠡᠬᠦᠯᠬᠦ ᠪᠤᠯᠪᠠ᠃ | ᠤᠳᠤ ᠰᠠᠶᠢᠯᠢ ᠶᠢᠨ ᠠᠶᠢᠯ ᠤᠨ ᠤᠯᠠᠩᠬᠢ ᠨᠢ ᠡᠨᠡ ᠬᠠᠪᠢ ᠪᠠᠷ ᠨᠤᠳᠤᠭᠯᠠᠨ ᠳᠤᠰᠤᠨ ᠵᠠᠮ᠂ ᠴᠢᠬᠢᠯᠭᠠᠨ | ᠨᠡᠪᠳᠡᠷᠡᠵᠦ᠂ ᠬᠤᠰᠢᠭᠤ ᠪᠠᠯᠭᠠᠰᠤ ᠤᠷᠤᠬᠤ ᠳᠤ ᠶᠡᠭᠡ ᠳᠦᠬᠦᠮ ᠪᠤᠯᠵᠤ᠂ ᠴᠢᠮᠡᠭᠡ ᠬᠤᠯᠪᠤᠭ᠎ᠠ ᠴᠦ ᠳᠦᠷᠪᠡᠨ ᠵᠦᠭ | ᠲᠤ ᠰᠠᠭᠠᠳ ᠦᠬᠡᠢ ᠨᠡᠪᠳᠡᠷᠡᠨ ᠵᠠᠮ ᠬᠠᠷᠢᠯᠴᠠᠭ᠎ᠠ ᠶᠢᠨ ᠪᠤᠭᠤᠮᠳᠠ ᠰᠢᠭ᠋ ᠪᠤᠯᠤᠭᠰᠠᠨ ᠪᠠᠶᠢᠨ᠎ᠠ᠃ ᠠᠵᠢᠯᠴᠢ | ᠬᠦᠳᠡᠯᠮᠦᠷᠢᠴᠢ ᠮᠠᠯᠴᠢᠨ ᠳᠦᠮᠡᠨ ᠨᠤᠳᠤᠭ ᠤᠰᠤᠨ ᠤ ᠬᠡᠰᠢᠭ ᠪᠤᠶᠠᠨ ᠳᠤ ᠪᠠᠨ ᠳᠦᠰᠢᠭᠯᠡᠨ ᠮᠠᠯ ᠰᠦᠷᠦᠭ ᠢᠶᠠᠨ | ᠦᠰᠬᠡᠨ ᠠᠳᠠᠯ ᠤᠨᠳᠤᠷᠤᠯᠭ᠎ᠠ ᠪᠠᠨ ᠲᠦᠪᠬᠢᠨᠡᠬᠦᠯᠵᠦ ᠨᠠᠶᠢᠬᠡᠮ ᠤᠨ ᠠᠶᠢᠵᠠᠮ ᠲᠠᠢ ᠵᠤᠬᠢᠴᠠᠯᠳᠤᠵᠤ ᠶᠠᠪᠤᠨ᠎ᠠ᠃ | | ᠭᠠᠥᠯᠢ ᠶᠢᠨ ᠬᠤᠳᠳᠤᠭ | | ᠴᠠᠭᠠᠨ ᠳᠤᠯᠤᠭᠠᠶᠢᠳᠤ ᠶᠢᠨ ᠪᠠᠷᠠᠭᠤᠨ ᠳᠠᠯ᠎ᠠ ᠳᠤ ᠬᠦᠬᠡ ᠱᠤᠷᠤᠩ ᠤᠨ ᠠᠶᠢᠯ ᠬᠡᠵᠦ ᠠᠭᠤᠯᠠ ᠪᠠᠨ | ᠳᠦᠰᠢᠨ ᠳᠠᠯ᠎ᠠ ᠪᠠᠨ ᠪᠠᠷᠠᠯᠠᠭᠰᠠᠨ ᠰᠠᠶᠢᠬᠠᠨ ᠭᠠᠵᠠᠷ ᠪᠤᠢ᠃ ᠠᠶᠢᠯ ᠤᠨ ᠪᠠᠷᠠᠭᠤᠨ ᠳᠠᠯ᠎ᠠ ᠳᠤ ᠪᠢᠴᠢᠬᠠᠨ ᠬᠦᠬᠡ | ᠬᠠᠳᠠ ᠪᠠᠶᠢᠳᠠᠭ ᠠᠴᠠ ᠬᠦᠬᠡ ᠱᠤᠷᠤᠩ ᠬᠡᠮᠡᠨ ᠨᠡᠷᠡᠯᠡᠭᠰᠡᠨ ᠬᠡᠨ᠎ᠡ᠃ | ᠬᠦᠬᠡ ᠱᠤᠷᠤᠩ ᠤᠨ ᠠᠶᠢᠯ ᠤᠨ ᠪᠠᠷᠠᠭᠤᠨ ᠵᠠᠬ᠎ᠠ ᠳᠤ ᠢᠳᠡᠷᠡᠠᠷᠰᠯᠠᠨ ᠤ ᠡᠬᠦᠳᠡᠨ ᠳᠤ ᠭᠠᠥᠯᠢ ᠶᠢᠨ | ᠬᠤᠳᠳᠤᠭ ᠬᠡᠵᠦ ᠪᠠᠶᠢᠳᠠᠭ᠃ ᠡᠨᠡ ᠬᠤᠳᠳᠤᠭ ᠨᠢ 3 ᠬᠤᠤᠰ ᠠᠯᠳᠠ ᠢᠯᠡᠬᠦᠤ ᠬᠦᠨ᠂ ᠤᠰᠤ ᠨᠢ 5 — 6 | ᠳᠤᠬᠤᠢ ᠪᠤᠢ᠃ ᠬᠠᠳᠠ ᠶᠢ ᠴᠠᠪᠴᠢᠵᠤ ᠮᠠᠯᠳᠠᠭᠠᠳ ᠬᠠᠳᠠᠨ ᠤ ᠠᠩ ᠵᠠᠪᠰᠠᠷ ᠪᠦᠬᠦᠨ ᠠᠴᠠ ᠨᠢ ᠤᠰᠤ ᠪᠤᠷᠬᠢᠯᠤᠨ | ᠤᠷᠤᠰᠴᠤ᠂ ᠤᠨᠴᠠᠭᠠᠢ ᠳᠤᠩᠭᠠᠯᠠᠭ᠂ ᠤᠤᠭᠤᠬᠤ ᠳᠤ ᠴᠦ ᠠᠮᠳᠠᠳᠠᠢ ᠪᠢᠯᠡ᠃ ᠬᠦᠬᠡ ᠱᠤᠷᠤᠩ ᠤᠨ ᠠᠶᠢᠯ ᠤᠨ | ᠬᠢᠨ ᠤᠳᠠᠭᠠᠨ ᠵᠢᠯ ᠡᠨᠡ ᠬᠤᠳᠳᠤᠭ ᠤᠨ ᠤᠰᠤ ᠶᠢ ᠢᠳᠡᠵᠦ᠂ ᠵᠢᠯ ᠪᠦᠷᠢ ᠨᠢᠬᠡ ᠤᠳᠠᠭ᠎ᠠ ᠯᠠᠶᠢᠳᠠᠨ ᠬᠤᠭ | ᠨᠤᠪᠰᠢ ᠶᠢ ᠨᠢ ᠴᠡᠪᠡᠷᠯᠡᠳᠡᠭ᠃ ᠤᠨ ᠵᠢᠯ ᠤᠳᠠᠭᠰᠠᠨ ᠴᠦ ᠤᠰᠤ ᠨᠢ ᠬᠡᠪ ᠢᠶᠠᠷ ᠪᠤᠷᠬᠢᠯᠤᠨ ᠬᠦᠮᠦᠨ ᠠᠮᠢᠳᠠᠨ ᠳᠤ | ᠤᠮᠳᠠ ᠬᠦᠷᠳᠡᠬᠡᠨ ᠰᠢᠮ᠎ᠡ ᠪᠠᠨ ᠡᠷᠬᠦᠭᠰᠡᠬᠡᠷ ᠪᠢᠯᠡ᠃ | ᠬᠦᠬᠡ ᠱᠤᠷᠤᠩ ᠤᠨ ᠠᠶᠢᠯ ᠠᠴᠠ ᠬᠤᠶᠢᠰᠢ ᠭᠠᠷᠴᠤ ᠬᠦᠳᠦᠯ ᠤᠨ ᠴᠠᠭᠠᠨ᠎ᠠ ᠬᠦᠷᠪᠡᠯ ᠰᠠᠶᠢᠯᠢ ᠶᠢᠨ ᠠᠶᠢᠯ | ᠬᠡᠵᠦ ᠪᠤᠢ᠃ ᠡᠷᠳᠡ ᠳᠡᠭᠡᠨ ᠠᠳᠡ ᠠᠶᠢᠯ ᠬᠤᠳᠠ ᠦᠬᠡᠢ ᠡᠵᠡᠬᠦᠢ ᠵᠤ ᠪᠠᠶᠢᠵᠤ᠂ ᠵᠡᠬᠡᠷ᠎ᠡ ᠶᠢᠨ ᠰᠦᠷᠦᠭ ᠪᠡᠯᠴᠢᠨ | ᠵᠦᠢᠯ ᠤᠨ ᠤᠷᠭᠤᠮᠠᠯ ᠢᠭ᠌ᠴᠢ ᠵᠤᠵᠠᠭᠠᠨ ᠪᠢᠳᠡᠬᠦᠤ ᠪᠡᠯᠴᠢᠬᠡᠷ ᠪᠠᠶᠢᠪᠠ ᠬᠡᠨ᠎ᠡ᠃ | 1960 ᠤᠨ ᠳᠤ ᠰᠠᠶ᠋ᠢ ᠠᠶᠢᠯ ᠬᠤᠳᠠ ᠨᠡᠬᠦᠳᠡᠯᠯᠡᠨ ᠢᠷᠡᠬᠡᠳ ᠮᠠᠯ ᠰᠦᠷᠦᠭ ᠢᠶᠠᠨ ᠬᠠᠷᠢᠭᠤᠯᠬᠤ ᠪᠤᠯᠪᠠ᠃ | ᠠᠶᠢᠯ ᠤᠨ ᠵᠡᠭᠦᠨ ᠡᠮᠦᠨ᠎ᠡ ᠵᠠᠬ᠎ᠠ ᠳᠤ ᠨᠢ ᠡᠷᠳᠡᠨ ᠤ ᠬᠤᠳᠳᠤᠭ ᠪᠤᠢ᠃ ᠬᠦᠮᠦᠰ ᠡᠨᠡ ᠬᠤᠳᠳᠤᠭ ᠢ ︽ᠭᠠᠥᠯᠢ | ᠶᠢᠨ ᠬᠤᠳᠳᠤᠭ︾ ᠬᠡᠳᠡᠭ᠃ ᠬᠦᠬᠡ ᠱᠤᠷᠤᠩ ᠤᠨ ᠬᠤᠳᠳᠤᠭ ᠲᠠᠢ ᠠᠳᠠᠯᠢ ᠮᠠᠯᠳᠠᠭᠰᠠᠨ ᠮᠦᠷᠳᠡᠬᠡᠨ ᠤᠰᠤ ᠨᠢ | ᠬᠦᠨ᠂ ᠴᠡᠪᠡᠷ ᠳᠤᠩᠭᠠᠯᠠᠭ ᠬᠡᠨ᠎ᠡ᠃ ᠬᠠᠵᠠᠭᠤ ᠬᠠᠪᠢ ᠶᠢᠨ ᠮᠠᠯᠴᠢᠳ ᠡᠳᠦᠬᠡ ᠪᠤᠯᠳᠠᠯ᠎ᠠ ᠡᠨᠡ ᠬᠤᠳᠳᠤᠭ ᠤᠨ | ᠤᠰᠤ ᠶᠢ ᠢᠳᠡᠭᠰᠡᠬᠡᠷ ᠪᠠᠶᠢᠨ᠎ᠠ᠃ ᠠᠶᠢᠯ ᠬᠤᠳᠠ ᠤᠯᠠᠰᠢᠷᠠᠨ ᠮᠠᠯ ᠰᠦᠷᠦᠭ ᠦᠷᠡᠵᠢᠨᠦᠰᠦᠭᠰᠡᠨ ᠴᠦ ᠬᠤᠳᠳᠤᠭ | ᠤᠨ ᠤᠰᠤ ᠰᠢᠷᠬᠢᠰᠢ ᠦᠬᠡᠢ ᠪᠤᠷᠬᠢᠯᠤᠨ ᠤᠨ ᠵᠢᠯ ᠢ ᠰᠠᠨᠠᠭ᠎ᠠ ᠠᠮᠤᠷ ᠬᠡᠳᠦᠯᠵᠦ᠂ ᠭᠠᠩ ᠬᠠᠭᠰᠠᠷᠭᠠᠨ ᠢ ᠠᠵᠢᠭ | ᠦᠬᠡᠢ ᠳᠤᠭᠤᠯᠤᠨ ᠬᠦᠮᠦᠨ ᠮᠠᠯ ᠲᠠᠢ ᠪᠠᠨ ᠤᠮᠳᠠ ᠬᠦᠢᠴᠡᠳ ᠶᠠᠪᠤᠭᠰᠠᠭᠠᠷ᠃ | | ᠰᠠᠶᠢᠯᠢ ᠶᠢᠨ ᠠᠶᠢᠯ | | ᠬᠦᠬᠡ ᠱᠤᠷᠤᠩ ᠤᠨ ᠠᠷᠦ ᠶᠢᠨ ᠠᠶᠢᠯ ᠢ ᠰᠠᠶᠢᠯᠢ ᠶᠢᠨ ᠠᠶᠢᠯ ᠬᠡᠳ ᠤᠨ ᠤᠳᠠᠵᠤ ᠪᠤᠢ᠃ ᠴᠤᠬᠤᠮ | ᠶᠠᠭᠠᠬᠢᠭᠠᠳ ᠰᠠᠶᠢᠯᠢ ᠶᠢᠨ ᠬᠡᠮᠡᠨ ᠨᠡᠷᠡᠯᠡᠭᠰᠡᠨ ᠪᠤᠢ︖ ᠨᠤᠳᠤᠭ ᠤᠨ ᠠᠬᠠᠮᠠᠳ ᠪᠤᠭᠤᠷᠤᠯᠴᠤᠤᠯ ᠤᠨ ᠬᠠᠭᠤᠴᠢᠯᠠᠬᠤ | ᠪᠠᠷ᠄ | — ᠡᠷᠳᠡ ᠤᠷᠢᠳᠤ ᠶᠢᠨ ᠦᠶ᠎ᠡ ᠳᠤ ᠨᠠᠷᠢᠨ ᠴᠠᠪ ᠤᠨ ᠠᠶᠢᠯ ᠤᠨ ᠳᠤᠮᠳᠠ ᠳᠤᠪᠤ ᠶᠢᠨ ᠨᠤᠶᠠᠨ ᠤ ᠪᠠᠭᠤᠷᠢ | ᠬᠡᠵᠦ ᠪᠠᠶᠢᠪᠠ᠃ ᠡᠨᠡ ᠪᠠᠭᠤᠷᠢ ᠨᠢ ᠠᠷᠪᠠᠨ ᠬᠠᠨᠠᠳᠤ ᠮᠤᠩᠭᠤᠯ ᠬᠡᠷ ᠤᠨ ᠬᠢᠷᠢ ᠳᠤᠮᠤ ᠪᠤᠢ᠃ ᠲᠦᠷᠦᠬᠦᠤ ᠶᠢᠨ ᠵᠢᠯ | ᠪᠤᠯᠳᠠᠯ᠎ᠠ ᠤᠷᠤ ᠮᠦᠷ ᠨᠢ ᠢᠯᠡᠬᠡᠨ ᠮᠡᠳᠡᠭᠳᠡᠵᠦ ᠪᠠᠶᠢᠵᠠᠢ᠃ ᠠᠶᠢᠯ ᠡᠷᠦᠬᠡ ᠤᠯᠠᠰᠢᠷᠠᠬᠤ ᠶᠢ ᠳᠠᠭᠠᠯᠳᠤᠨ ᠤᠷᠤ | ᠮᠦᠷ ᠨᠢ ᠪᠠᠯᠠᠷᠠᠨ ᠳᠠᠷᠤᠭᠳᠠᠪᠠ᠃ ᠳᠡᠷᠡ ᠨᠤᠶᠠᠨ ᠤ ᠬᠠᠳᠤᠨ ᠨᠢ ᠰᠠᠶᠢᠯᠢ ᠬᠡᠬᠦ ᠨᠡᠷ᠎ᠡ ᠲᠠᠢ ᠪᠤᠯᠬᠤᠷ ᠡᠨᠡᠬᠦ ᠠᠶᠢᠯ ᠢ | ︽ᠰᠠᠶᠢᠯᠢ ᠶᠢᠨ ᠠᠶᠢᠯ︾ ᠬᠡᠰᠡᠨ ᠬᠡᠨ᠎ᠡ᠃ ᠳᠤᠪᠤ ᠶᠢᠨ ᠨᠤᠶᠠᠨ ᠬᠡᠳᠡᠭ ᠨᠢ ᠴᠤᠬᠤᠮ ᠶᠠᠮᠠᠷ ᠨᠤᠶᠠᠨ ᠢ ᠮᠡᠳᠡᠬᠦ | ᠬᠦᠮᠦᠨ ᠦᠬᠡᠢ᠂ ᠰᠠᠭᠤᠭᠰᠠᠨ ᠭᠠᠵᠠᠷ ᠨᠢ ᠳᠤᠪᠤᠴᠠᠭ ᠰᠢᠭ᠋ ᠳᠤᠯᠠᠳᠠ ᠳᠤᠪᠤ ᠶᠢᠨ ᠨᠤᠶᠠᠨ ᠬᠡᠵᠦ ᠳᠠᠭᠤᠳᠠᠳᠠᠭ | ᠬᠡᠳᠡᠭ᠃ | ᠨᠤᠳᠤᠭ ᠤᠨ ᠳᠤᠮᠤᠭᠠᠳᠠᠳ ᠤᠨ ᠬᠠᠭᠤᠴᠢᠯᠠᠬᠤ ᠪᠠᠷ ᠡᠨᠡᠬᠦ ᠨᠤᠳᠤᠭ ᠨᠢ ᠠᠩᠬ᠎ᠠ ᠡᠷᠳᠡ ᠠᠴᠠ ᠪᠠᠨ ᠡᠪᠡᠰᠦ | ᠤᠰᠤ ᠳᠤᠬᠢᠳᠠᠢ ᠦᠩ ᠰᠢᠮᠡᠯᠢᠭ ᠪᠤᠯᠬᠤᠷ ᠠᠳᠤᠭᠤ ᠮᠠᠯ ᠦᠨᠢᠷ ᠦᠰᠬᠦ ᠬᠡᠰᠢᠭ ᠪᠡᠯᠬᠡ ᠲᠠᠢ ᠪᠦᠬᠡᠳ ᠠᠯᠢ ᠡᠷᠳᠡ | ᠶᠢᠨ ᠦᠶ᠎ᠡ ᠳᠤ ᠬᠢᠳᠠᠨ ᠬᠦᠮᠦᠨ ᠨᠤᠳᠤᠭᠯᠠᠨ ᠰᠠᠭᠤᠵᠤ ᠪᠠᠶᠢᠭᠰᠠᠨ ᠤᠷᠤ ᠮᠦᠷ ᠪᠤᠢ᠃ ᠭᠠᠵᠠᠷ ᠤᠨ ᠪᠠᠶᠢᠴᠠ | ᠡᠳᠡᠬᠡᠳ᠂ ᠪᠠᠶᠢᠭᠠᠯᠢ ᠶᠢᠨ ᠦᠵᠡᠮᠵᠢ ᠰᠠᠶᠢᠬᠠᠨ᠂ ᠬᠦᠷᠦᠰᠦ ᠰᠢᠷᠤᠢ ᠦᠩ ᠲᠠᠢ ᠰᠢᠮ᠎ᠡ ᠲᠠᠢ ᠶᠢᠨ ᠤᠴᠢᠷ ᠪᠠᠶᠠᠨ | ᠡᠷᠬᠢᠮᠰᠦᠭ ᠠᠶᠢᠯ ᠨᠡᠬᠦᠵᠦ ᠤᠳᠤᠷᠯᠠᠳᠠᠭ᠃ ᠳᠤᠪᠤ ᠶᠢᠨ ᠨᠤᠶᠠᠨ ᠴᠦ ᠮᠠᠯ ᠠᠬᠤᠢ ᠡᠯᠪᠡᠭ᠂ ᠬᠦᠷᠦᠩᠬᠡ ᠬᠤᠭᠰᠢᠯ | ᠵᠤᠵᠠᠭᠠᠨ ᠳᠤᠯᠠᠳᠠ ᠡᠬᠡᠨᠠᠷ ᠨᠢ ᠡᠷᠬᠡ ᠪᠡᠷᠬᠡ ᠲᠠᠢ᠂ ᠡᠷᠦᠬᠡ ᠬᠡᠷ ᠤᠨ ᠢᠶᠠᠨ ᠡᠵᠡᠨ ᠳᠡᠭᠷᠢ ᠮᠡᠳᠦ ᠪᠠᠶᠢᠭᠰᠠᠨ ᠠᠴᠠ | ᠳᠡᠭᠦᠨ ᠢ ᠪᠠᠨ ᠬᠦᠨᠳᠦᠳᠬᠡᠨ ᠭᠠᠵᠠᠷ ᠤᠰᠤ ᠪᠠᠨ ᠴᠦ ᠨᠡᠷᠡᠯᠡᠭᠰᠡᠨ ᠮᠠᠭᠠᠳ ᠬᠡᠵᠦ ᠵᠦᠢᠴᠢᠯᠡᠨ ᠶᠠᠷᠢᠵᠤ | ᠰᠤᠨᠢᠭᠤᠴᠢᠯᠠᠳᠠᠭ᠃ | ᠠᠶᠢᠯ ᠡᠷᠦᠬᠡ ᠤᠯᠠᠰᠢᠷᠠᠭᠰᠠᠨ ᠴᠦ ᠦᠯᠢᠬᠡᠷ ᠳᠤᠮᠤᠭ ᠮᠡᠳᠦ ᠡᠷᠳᠡᠨ ᠤ ᠤᠴᠢᠷ ᠢ ᠡᠪᠦᠬᠡᠳ ᠨᠠᠰᠤᠳᠠᠳ ᠨᠢ | ᠬᠠᠭᠤᠴᠢᠯᠠᠨ᠂ ᠪᠠᠶᠢᠭᠠᠯᠢ ᠠᠬᠤᠢ ᠶᠢᠨ ᠬᠡᠰᠢᠭ ᠢᠶᠠᠷ ᠪᠠᠶᠠᠨ ᠴᠢᠨᠡᠬᠡᠯᠢᠭ ᠠᠵᠤ ᠲᠦᠷᠦᠬᠦ ᠳᠤ ᠪᠠᠨ ᠦᠯᠦᠬᠡᠢ ᠨᠤᠳᠤᠭ | ᠤᠨ ᠢᠶᠠᠨ ᠢᠪᠡᠬᠡᠯ ᠰᠢᠮ᠎ᠡ ᠶᠢ ᠦᠷ᠎ᠡ ᠬᠤᠶᠢᠴᠢᠰ ᠲᠤ ᠪᠠᠨ ᠰᠠᠨᠠᠭᠤᠯᠤᠨ ᠰᠡᠬᠡᠬᠡᠷᠡᠬᠦᠯᠳᠡᠭ᠃ | | ᠴᠠᠭᠠᠨ ᠳᠤᠯᠤᠭᠠᠶᠢᠳᠤ | | ᠬᠤᠨᠳᠤ ᠠᠭᠤᠯᠠ ᠶᠢᠨ ᠠᠷᠦ ᠳᠠᠬᠢ ᠨᠠᠭᠤᠷ ᠤᠨ ᠬᠤᠶᠢᠳᠤ ᠳᠦᠰᠢᠯᠬᠡ ᠠᠭᠤᠯᠠ ᠶᠢ ᠴᠠᠭᠠᠨ ᠳᠤᠯᠤᠭᠠᠶᠢᠳᠤ | ᠬᠡᠨ᠎ᠡ᠃ ᠡᠨᠡ ᠠᠭᠤᠯᠠ ᠶᠢ ᠵᠡᠭᠦᠨ ᠴᠠᠭᠠᠨ ᠳᠤᠯᠤᠭᠠᠶᠢᠳᠤ᠂ ᠪᠠᠷᠠᠭᠤᠨ ᠴᠠᠭᠠᠨ ᠳᠤᠯᠤᠭᠠᠶᠢᠳᠤ ᠬᠡᠵᠦ ᠬᠤᠶᠠᠷ ᠤᠷᠤᠢ | ᠶᠢ ᠨᠢ ᠵᠢᠭᠠᠨ ᠨᠡᠷᠡᠯᠡᠳᠡᠭ᠃ | ᠠᠩᠬ᠎ᠠ ᠡᠷᠳᠡ ᠠᠴᠠ ᠪᠠᠨ ᠡᠨᠡ ᠠᠭᠤᠯᠠᠨ ᠤ ᠤᠷᠤᠢ ᠶᠢ ᠮᠠᠩᠬ᠎ᠠ ᠪᠦᠷᠬᠦᠵᠦ᠂ ᠠᠯᠤᠰ ᠠᠴᠠ ᠴᠠᠶᠢᠷᠠᠨ | ᠬᠠᠷᠠᠭᠳᠠᠳᠠᠭ ᠠᠴᠠ ︽ᠴᠠᠭᠠᠨ ᠳᠤᠯᠤᠭᠠᠶᠢᠳᠤ︾ ᠬᠡᠮᠡᠨ ᠨᠡᠷᠡᠯᠡᠯ᠎ᠡ ᠬᠡᠵᠦ ᠬᠠᠵᠠᠭᠤ ᠬᠠᠪᠢ ᠪᠠᠷ ᠨᠢ ᠬᠡᠳᠦᠨ ᠦᠶ᠎ᠡ | ᠰᠠᠭᠤᠷᠢᠰᠢᠭᠰᠠᠨ ᠨᠠᠰᠤᠳᠠᠳ ᠬᠡᠯᠡᠵᠡᠬᠡᠳᠡᠭ᠃ ᠠᠭᠤᠯᠠᠨ ᠳᠤᠨᠢ ᠬᠠᠳᠠ ᠴᠢᠯᠠᠭᠤ ᠪᠠᠷᠳᠠᠭ᠎ᠠ ᠲᠠᠢ ᠪᠦᠬᠡᠳ ᠬᠠᠶᠢᠯᠠᠰᠤ᠂ | ᠶᠠᠰᠢᠯ᠂ ᠬᠠᠷᠭᠠᠨ᠎ᠠ᠂ ᠳᠡᠯᠳᠦ ᠮᠡᠳᠦ ᠶᠢᠨ ᠤᠢ ᠤᠷᠭᠤᠮᠠᠯ ᠰᠠᠬᠤᠯᠠᠭ ᠵᠤᠵᠠᠭᠠᠨ ᠪᠠᠶᠢᠵᠠᠢ᠃ ᠡᠨᠡᠬᠦ ᠬᠠᠪᠢ ᠪᠠᠷ ᠮᠠᠯ | ᠮᠠᠯᠵᠢᠬᠤ ᠳᠤ ᠳᠤᠬᠢᠳᠠᠢ᠂ ᠠᠭᠤᠯᠠ ᠵᠤ᠂ ᠮᠠᠩᠬᠠᠨ ᠪᠡᠯᠴᠢᠬᠡᠷ ᠲᠠᠢ ᠪᠠᠷ ᠪᠠᠷᠠᠬᠤ ᠦᠬᠡᠢ᠂ ᠨᠠᠭᠤᠷ ᠤᠰᠤ ᠴᠦ | ᠪᠠᠶᠢᠳᠠᠭ ᠢᠶᠠᠷ ᠭᠠᠩ ᠭᠠᠮᠰᠢᠭ ᠢ ᠠᠵᠢᠭ ᠦᠬᠡᠢ ᠳᠤᠭᠤᠯᠳᠠᠭ᠃ | ᠴᠠᠭᠠᠨ ᠳᠤᠯᠤᠭᠠᠶᠢᠳᠤ ᠶᠢᠨ ᠡᠩᠬᠡᠷ ᠢᠶᠠᠷ ᠠᠶᠢᠯ ᠬᠤᠳᠠ ᠰᠠᠭᠤᠷᠢᠰᠢᠵᠤ᠂ ᠠᠯᠢ ᠡᠷᠳᠡ ᠠᠴᠠ ᠪᠡᠯᠴᠢᠬᠡᠷ | ᠤᠰᠤ ᠪᠠᠨ ᠲᠠᠭᠠᠨ ᠤᠳᠤᠷᠯᠠᠨ ᠨᠡᠬᠦᠳᠡᠯᠯᠡᠵᠦ ᠤᠨ ᠵᠢᠯ ᠢ ᠳᠤᠭᠤᠯᠤᠨ ᠦᠶ᠎ᠡ ᠤᠯᠠᠮᠵᠢᠯᠠᠨ ᠠᠵᠤ ᠲᠦᠷᠦᠭᠰᠡᠬᠡᠷ | ᠢᠷᠡᠵᠠᠢ᠃ ᠴᠠᠭᠠᠨ ᠳᠤᠯᠤᠭᠠᠶᠢᠳᠤ ᠶᠢᠨ ᠬᠠᠵᠠᠭᠤ ᠬᠠᠪᠢ ᠪᠠᠷ ᠬᠢ ᠡᠪᠡᠰᠦ ᠤᠷᠭᠤᠮᠠᠯ ᠡᠯᠪᠡᠭ᠂ ᠠᠯᠳᠠᠭᠠᠨ᠎ᠠ᠂ | ᠬᠠᠷᠭᠠᠨ᠎ᠠ ᠮᠡᠳᠦ ᠶᠢᠨ ᠵᠢᠮᠢᠰᠦᠳᠦ ᠤᠢ ᠵᠤᠵᠠᠭᠠᠨ ᠪᠠᠶᠢᠭᠰᠠᠨ ᠢᠶᠠᠷ ᠬᠦᠷᠦᠰᠦ ᠰᠢᠷᠤᠢ ᠨᠢ ᠰᠢᠮᠡᠯᠢᠭ᠂ ᠦᠩᠬᠡ | ᠦᠵᠡᠮᠵᠢ ᠡᠳᠡᠬᠡᠳ ᠢᠶᠠᠷ ᠢᠶᠠᠨ ᠬᠤᠯᠠ ᠤᠶᠢᠷ᠎ᠠ ᠶᠢᠨ ᠠᠶᠠᠨᠴᠢᠨ ᠵᠤᠭᠠᠴᠠᠭᠰᠠᠳ ᠤᠨ ᠪᠠᠭ᠋ᠠᠷᠤᠯ ᠢ ᠳᠠᠳᠠᠵᠤ᠂ ᠵᠢᠷᠤᠭ | ᠹᠢᠯᠢᠮ ᠢ ᠴᠦ ᠳᠡᠥᠬᠡᠨ ᠳᠤ ᠦᠯᠡᠳᠡᠬᠡᠵᠠᠢ᠃ ᠠᠳᠡᠬᠢ ᠶᠢᠨ ᠤᠷᠭᠤᠮᠠᠯ ᠨᠢ ᠤᠯᠠᠷᠢᠯ ᠢᠶᠠᠨ ᠲᠠᠭᠠᠨ ᠦᠩᠬᠡ ᠦᠵᠡᠮᠵᠢ | ᠢᠯᠭᠠᠷᠠᠵᠤ᠂ ᠵᠦᠢᠯ ᠤᠨ ᠴᠡᠴᠡᠭ ᠳᠡᠯᠬᠡᠷᠡᠨ ᠵᠢᠭᠦᠷᠳᠡᠨ ᠰᠢᠪᠠᠭᠤ ᠡᠷᠬᠢᠴᠡᠨ ᠡᠬᠡᠨᠡᠭᠰᠢᠳᠡᠭ᠃ ᠠᠭᠤᠯᠠ ᠶᠢᠨ ᠡᠩᠬᠡᠷ | ᠢ ᠬᠡᠰᠢᠭ ᠪᠤᠶᠠᠨ ᠲᠠᠢ ᠭᠠᠵᠠᠷ ᠬᠡᠮᠡᠬᠡᠳ ᠤᠩᠭᠤᠨ ᠪᠤᠯᠠᠰᠢ ᠪᠠᠨ ᠳᠠᠯᠪᠢᠨ ᠡᠪᠦᠭᠡ ᠳᠡᠬᠡᠳᠦᠰ ᠢᠶᠠᠨ ᠳᠠᠬᠢᠨ ᠰᠢᠳᠦᠵᠦ | ᠪᠤᠢ᠃ ᠤᠳᠤ ᠡᠨᠡ ᠬᠠᠪᠢ ᠶᠢ ᠪᠢᠳᠡᠬᠦᠮᠵᠢᠯᠡᠨ ᠤᠢ ᠪᠡᠯᠴᠢᠬᠡᠷ ᠢ ᠨᠢ ᠬᠠᠮᠠᠭᠠᠯᠠᠨ ᠤᠷᠴᠢᠨ ᠪᠠᠶᠢᠭᠠᠯᠢ ᠪᠠᠨ | ᠬᠢᠮᠠᠭᠠᠳᠠᠵᠤ ᠪᠠᠶᠢᠨ᠎ᠠ᠃ | | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠤᠭᠴᠢ᠄ ᠴ᠊ · ᠰᠠᠷᠠᠭᠤᠯ | | |