ᠰᠠᠶᠢᠯᠢ ᠶᠢᠨ ᠬᠠᠪᠳᠠᠭᠠᠢ | | ᠨᠠᠷᠢᠨ ᠴᠠᠪ ᠤᠨ ᠪᠠᠷᠠᠭᠤᠨ ᠬᠤᠶᠢᠨᠠᠬᠢ ᠬᠦᠬᠦᠷᠬᠡᠳᠦ ᠭᠤᠤ ᠶᠢᠨ ᠵᠡᠭᠦᠨ ᠡᠮᠦᠨ᠎ᠡ ᠪᠠᠶᠢᠭ᠎ᠠ ᠠᠭᠤᠯᠠ ᠶᠢ | ᠰᠠᠶᠢᠯᠢ ᠶᠢᠨ ᠬᠠᠪᠳᠠᠭᠠᠢ ᠬᠡᠨ᠎ᠡ᠃ ᠨᠤᠳᠤᠭ ᠤᠨ ᠬᠦᠮᠦᠰ ᠪᠠᠰᠠ ᠤᠷᠢᠳᠤ ᠬᠠᠪᠳᠠᠭᠠᠢ ᠬᠡᠳᠡᠭ᠃ | ᠰᠠᠶᠢᠯᠢ ᠶᠢᠨ ᠬᠠᠪᠳᠠᠭᠠᠢ ᠶᠢ ᠬᠤᠯᠠ ᠠᠴᠠ ᠠᠵᠢᠭᠯᠠᠪᠠᠯ ᠠᠭᠤᠯᠠ ᠬᠦᠳᠦᠯ ᠤᠨ ᠢᠶᠠᠨ ᠳᠤᠮᠳᠠ ᠬᠠᠪᠳᠠᠭᠠᠢ ᠰᠢᠤᠬᠠᠨ | ᠬᠡᠯᠪᠡᠷᠢᠳᠠᠢ ᠬᠠᠷᠠᠭᠳᠠᠳᠠᠭ ᠢᠶᠠᠷ ᠨᠢ ᠡᠶᠢᠨᠬᠦ ᠨᠡᠷᠡᠯᠡᠯ᠎ᠡ ᠬᠡᠵᠦ ᠨᠠᠰᠤᠳᠠᠳ ᠨᠠᠷ ᠬᠠᠭᠤᠴᠢᠯᠠᠳᠠᠭ᠃ ᠰᠠᠶᠢᠯᠢ ᠶᠢᠨ | ᠬᠠᠪᠳᠠᠭᠠᠢ ᠶᠢᠨ ᠬᠠᠳᠠ ᠴᠢᠯᠠᠭᠤ ᠨᠢ ᠬᠠᠷ᠎ᠠ ᠦᠩᠬᠡᠳᠠᠢ ᠪᠦᠬᠡᠳ ᠬᠠᠷᠭᠠᠨ᠎ᠠ᠂ ᠶᠠᠰᠢᠯ᠂ ᠳᠠᠯᠳᠥ ᠶᠢᠨ ᠮᠤᠳᠤ | ᠤᠷᠭᠤᠨ ᠤᠢ ᠰᠢᠭᠤᠢ᠂ ᠪᠡᠯᠴᠢᠬᠡᠷ ᠡᠪᠡᠰᠦ ᠰᠠᠬᠤᠯᠠᠭ ᠵᠤᠵᠠᠭᠠᠨ ᠪᠠᠶᠢᠵᠠᠢ᠃ ᠨᠠᠷᠢᠨ ᠴᠠᠪ ᠤᠨ ᠠᠶᠢᠯ ᠤᠨ ᠬᠦᠮᠦᠰ | ᠲᠦᠷᠪᠡᠨ ᠤᠯᠠᠷᠢᠯ ᠢᠶᠠᠷ ᠤᠳᠤᠷᠯᠠᠨ ᠵᠤᠰᠠᠵᠤ᠂ ᠮᠠᠯ ᠰᠦᠷᠦᠭ ᠢᠶᠠᠨ ᠦᠰᠬᠡᠵᠦ ᠢᠷᠡᠵᠠᠢ᠃ | ᠡᠯᠡᠰᠦ ᠮᠠᠩᠬᠠᠨ ᠤ ᠰᠢᠬᠠᠯᠳᠠ᠂ ᠤᠷᠴᠢᠨ ᠪᠠᠶᠢᠭᠠᠯᠢ ᠶᠢᠨ ᠬᠤᠪᠢᠷᠠᠯᠳᠠ ᠠᠴᠠ ᠰᠠᠶᠢᠯᠢ ᠶᠢᠨ ᠬᠠᠪᠳᠠᠭᠠᠢ ᠶᠢᠨ | ᠤᠶᠢᠷᠠᠮ ᠳᠤᠭᠤᠷᠢᠮ ᠳᠤ ᠠᠶᠢᠯ ᠡᠷᠦᠬᠡ ᠰᠠᠭᠤᠷᠢᠰᠢᠨ ᠠᠩᠬ᠎ᠠ ᠤᠷᠢᠳᠤ ᠶᠢᠨ ᠡᠵᠡᠬᠦᠢ ᠬᠡᠬᠡᠷ᠎ᠡ ᠨᠤᠳᠤᠭ ᠤᠰᠤᠨ ᠤ | ᠪᠠᠷ᠎ᠠ ᠯᠢ ᠬᠡᠳᠦᠶᠢᠨ ᠪᠠᠯᠠᠷᠠᠨ ᠤᠳᠴᠦ᠂ ᠳᠠᠷᠢᠶ᠎ᠠ ᠲᠦᠮᠦᠰᠦ᠂ ᠡᠯᠳᠡᠪ ᠤᠨ ᠳᠠᠷᠢᠮᠠᠯ ᠴᠦ ᠤᠯᠠᠰᠢᠷᠠᠨ ᠡᠷᠡᠬᠦᠯ | ᠪᠦᠳᠦᠨ ᠬᠦᠷᠦᠰᠦ ᠪᠠᠷᠤᠭ ᠦᠬᠡᠢ ᠪᠤᠯᠵᠠᠢ᠃ | ᠬᠦᠬᠦᠷᠬᠡᠳᠦ ᠭᠤᠤ ᠶᠢᠨ ᠠᠷᠦ ᠳᠠᠬᠢ ᠠᠭᠤᠯᠠ ᠶᠢ ᠰᠠᠶᠢᠯᠢ ᠶᠢᠨ ᠬᠠᠪᠳᠠᠭᠠᠢ ᠲᠠᠢ ᠪᠠᠨ ᠢᠵᠢᠯᠢᠬᠡᠨ ᠨᠡᠷᠡᠯᠡᠵᠦ | ᠬᠤᠶᠢᠳᠤ ᠬᠠᠪᠳᠠᠭᠠᠢ ᠬᠡᠳᠡᠭ᠃ ᠬᠤᠶᠢᠳᠤ ᠬᠠᠪᠳᠠᠭᠠᠢ ᠳᠤ ᠤᠳᠤᠷ ᠨᠡᠬᠦᠳᠡᠯ ᠪᠠᠶᠢᠩᠭᠤ ᠰᠠᠭᠤᠷᠢᠰᠢᠨ ᠠᠮᠤ ᠬᠦᠨᠡᠰᠦ | ᠳᠠᠷᠢᠬᠤ ᠴᠦ ᠵᠢᠯ ᠠᠴᠠ ᠵᠢᠯ ᠨᠡᠮᠡᠭᠳᠡᠨ ᠤᠷᠴᠢᠨ ᠠᠬᠤᠢ ᠬᠤᠪᠢᠷᠠᠵᠤ ᠯᠠ ᠪᠤᠢ᠃ ᠠᠩᠬ᠎ᠠ ᠡᠷᠳᠡ ᠳᠤ ᠪᠠᠨ ᠡᠨᠡ | ᠬᠠᠪᠢ ᠪᠠᠷ ᠨᠡᠬᠦᠳᠡᠯᠯᠡᠨ ᠮᠠᠯᠵᠢᠬᠤ ᠪᠠᠷ ᠪᠠᠷᠠᠬᠤ ᠦᠬᠡᠢ ᠠᠪᠠ ᠠᠩᠨᠠᠵᠤ ᠪᠠᠶᠢᠵᠠᠢ᠃ ᠵᠡᠭᠦᠨ ᠪᠠᠷᠠᠭᠤᠨ ᠭᠤᠤᠯ ᠢᠶᠠᠷ | ᠢᠶᠠᠨ ᠴᠤᠭᠯᠠᠷᠠᠨ ᠠᠭᠤᠯᠠ ᠳᠠᠯ᠎ᠠ ᠵᠦᠭ ᠠᠷᠢᠶᠠᠳᠠᠨ ᠬᠦᠷᠦᠬᠡᠰᠦ ᠶᠢ ᠪᠤᠰᠬᠠᠨ ᠬᠡᠳᠦᠨ ᠳᠠᠯ᠎ᠠ ᠠᠴᠠ ᠨᠢ ᠬᠤᠪᠢᠨ | ᠳᠠᠷᠤᠵᠤ ᠮᠤᠷᠢ ᠨᠤᠬᠠᠢ ᠪᠠᠨ ᠰᠢᠯᠭᠠᠯᠴᠠᠨ ᠠᠩ ᠤᠨ ᠤᠯᠵᠠ ᠤᠮᠤᠭ ᠲᠠᠢ ᠪᠤᠴᠠᠵᠠᠭᠠᠳᠠᠭ᠃ ᠤᠳᠤ ᠠᠭᠤᠯᠠᠨ ᠤ | ᠠᠩ ᠴᠦᠬᠡᠷᠡᠨ ᠬᠠᠶᠠ ᠭᠠᠭᠴᠠ ᠬᠤᠶᠠᠷ ᠢᠶᠠᠷ ᠳᠠᠥᠯᠠᠢ ᠠᠯᠠᠬᠤ ᠳᠡᠳᠦᠢ ᠪᠤᠯᠵᠠᠢ᠃ | | ᠨᠤᠬᠠᠢ ᠰᠠᠭᠤᠳᠠᠭ | | ᠰᠠᠶᠢᠯᠢ ᠶᠢᠨ ᠠᠶᠢᠯ ᠤᠨ ᠪᠠᠷᠠᠭᠤᠨ ᠳᠠᠪᠠᠭ᠎ᠠ ᠶᠢ ᠠᠩᠬ᠎ᠠ ᠡᠷᠳᠡ ᠠᠴᠠ ᠪᠠᠨ ᠨᠤᠬᠠᠢ ᠰᠠᠭᠤᠳᠠᠭ ᠬᠡᠵᠦ | ᠨᠡᠷᠡᠯᠡᠵᠦ ᠢᠷᠡᠪᠡ᠃ ᠡᠨᠡ ᠳᠠᠪᠠᠭ᠎ᠠ ᠪᠤᠯ ᠠᠶᠢᠯ ᠠᠴᠠ ᠪᠠᠨ ᠪᠠᠷᠠᠭᠤᠨᠰᠢ ᠭᠠᠷᠬᠤ ᠪᠤᠶᠤ ᠪᠠᠷᠠᠭᠤᠨ ᠳᠠᠯ᠎ᠠ ᠠᠴᠠ ᠪᠠᠨ | ᠠᠶᠢᠯ ᠤᠰᠤᠨ ᠳᠤ ᠤᠷᠤᠬᠤ ᠵᠠᠮ ᠤᠨ ᠪᠤᠭᠤᠮᠳᠠ ᠪᠤᠯᠤᠨ᠎ᠠ᠃ | ᠠᠯᠢ ᠤᠵᠤᠭᠤᠷ ᠠᠴᠠ ᠰᠠᠶᠢᠯᠢ ᠶᠢᠨ ᠪᠠᠷᠠᠭᠤᠨ ᠳᠠᠪᠠᠭ᠎ᠠ ᠳᠤ ᠡᠪᠡᠰᠦ ᠪᠡᠯᠴᠢᠬᠡᠷ ᠰᠠᠬᠤᠯᠠᠭ᠂ ᠬᠠᠶᠢᠯᠠᠰᠤ | ᠬᠠᠷᠭᠠᠨ᠎ᠠ ᠵᠤᠵᠠᠭᠠᠨ ᠤᠷᠭᠤᠵᠤ᠂ ᠬᠠᠳᠠ ᠴᠢᠯᠠᠭᠤᠳ ᠨᠢ ᠪᠡᠷᠬᠡ ᠪᠠᠷᠳᠠᠭ᠎ᠠ ᠲᠠᠢ ᠪᠤᠯᠬᠤᠷ ᠦᠨᠡᠭᠡ᠂ ᠴᠢᠨ᠋ᠸ᠎ᠠ᠂ | ᠮᠠᠩᠬᠢᠰᠤ᠂ ᠭᠤᠷ᠂ ᠵᠡᠬᠡᠷ᠎ᠡ ᠮᠡᠳᠦ ᠶᠢᠨ ᠬᠡᠬᠡᠷ᠎ᠡ ᠶᠢᠨ ᠠᠷᠢᠶᠠᠳᠠᠨ ᠤᠷᠤᠩᠨᠠᠨ ᠦᠷᠡᠵᠢᠵᠦ ᠪᠠᠶᠢᠵᠠᠢ᠃ ᠬᠦᠮᠦᠰ ᠵᠢᠯ | ᠤᠨ ᠲᠦᠷᠪᠡᠨ ᠤᠯᠠᠷᠢᠯ ᠢᠶᠠᠷ ᠤᠳᠤᠷ ᠵᠤᠰᠠᠭᠠᠯ ᠢᠶᠠᠷ ᠨᠡᠬᠦᠬᠦ ᠳᠤ ᠪᠠᠨ ᠴᠠᠭ ᠬᠤᠭᠤᠴᠠᠭᠠᠨ ᠳᠤ ᠨᠢ ᠵᠤᠬᠢᠴᠠᠭᠤᠯᠤᠨ | ᠠᠩ ᠬᠦᠷᠦᠬᠡ ᠬᠢᠵᠦ᠂ ᠳᠠᠪᠠᠭ᠎ᠠ ᠶᠢᠨ ᠮᠦᠷ ᠴᠤᠪᠤᠭ᠎ᠠ ᠶᠢ ᠳᠤᠰᠤᠨ ᠠᠪᠠ ᠶᠢᠨ ᠨᠤᠬᠠᠢ ᠪᠠᠨ ᠰᠠᠭᠤᠯᠭᠠᠵᠤ ᠬᠡᠬᠡᠷ᠎ᠡ | ᠶᠢᠨ ᠠᠩ ᠢ ᠪᠠᠷᠢᠭᠤᠯᠳᠠᠭ ᠠᠴᠠ ︽ᠨᠤᠬᠠᠢ ᠰᠠᠭᠤᠳᠠᠭ︾ ᠬᠡᠮᠡᠨ ᠨᠡᠷᠡᠯᠡᠪᠡ ᠬᠡᠨ᠎ᠡ᠃ | ᠬᠦᠮᠦᠰ ᠵᠢᠯ ᠤᠨ ᠬᠡᠳᠦ ᠤᠳᠠᠭ᠎ᠠ ᠶᠡᠭᠡ ᠪᠠᠭ᠎ᠠ ᠬᠡᠪᠴᠢᠶᠡᠨ ᠤ ᠠᠩ ᠬᠢᠵᠦ᠂ ᠡᠨᠡ ᠬᠠᠪᠢ ᠪᠠᠷ ᠬᠦᠷᠦᠬᠡᠰᠦ | ᠠᠷᠢᠶᠠᠳᠠᠨ ᠢ ᠳᠠᠭᠤᠬᠤ ᠳᠤ ᠪᠠᠨ ᠵᠠᠨ ᠢ ᠨᠢ ᠳᠤᠰᠤᠨ ᠨᠤᠬᠠᠢ ᠪᠠᠨ ᠰᠠᠭᠤᠯᠭᠠᠳᠠᠭ ᠠᠴᠠ ᠬᠤᠯᠠ ᠤᠶᠢᠷ᠎ᠠ ᠶᠢᠨ ᠬᠢᠨ | ᠪᠦᠷ ᠮᠡᠳᠡᠵᠡᠬᠡᠳᠡᠭ᠃ ᠰᠠᠶᠢᠯᠢ ᠶᠢᠨ ᠳᠠᠪᠠᠭ᠎ᠠ ᠳᠤ ᠠᠪᠠ ᠬᠢᠭᠰᠡᠨ ᠪᠦᠬᠦᠨ ᠤᠷᠢᠳᠠᠪᠠᠷ ᠨᠤᠬᠠᠢ ᠰᠠᠭᠤᠳᠠᠭ ᠲᠤ | ᠴᠤᠭᠯᠠᠷᠠᠨ ᠵᠠᠮ ᠴᠤᠪᠤᠭ᠎ᠠ ᠪᠠᠨ ᠬᠤᠪᠢᠶᠠᠨ ᠠᠭᠤᠯᠠ ᠳᠠᠷᠤᠵᠤ ᠠᠩ ᠪᠤᠰᠬᠠᠳᠠᠭ᠃ | ᠬᠦᠮᠦᠨ ᠬᠠᠷ᠎ᠠ ᠨᠡᠮᠡᠭᠳᠡᠨ ᠤᠢ ᠤᠷᠭᠤᠮᠠᠯ ᠰᠢᠩᠬᠡᠷᠡᠬᠦ ᠶᠢ ᠳᠠᠭᠠᠯᠳᠤᠨ ᠠᠩ ᠬᠦᠷᠦᠬᠡᠰᠦ ᠴᠦ ᠬᠤᠪᠤᠷᠳᠠᠨ | ᠠᠶᠢᠯ ᠤᠰᠤᠨ ᠤ ᠬᠦᠮᠦᠰ ᠠᠪᠠᠯᠠᠬᠤ ᠨᠢ ᠴᠦᠬᠡᠷᠡᠵᠠᠢ᠃ ᠬᠡᠪᠡᠴᠦ ᠭᠠᠵᠠᠷ ᠤᠰᠤᠨ ᠤ ᠨᠡᠷ᠎ᠡ ᠨᠢ ᠪᠠᠯᠠᠷᠠᠰᠢ ᠦᠬᠡᠢ | ᠦᠶ᠎ᠡ ᠤᠯᠠᠮᠵᠢᠯᠠᠭᠳᠠᠨ ᠪᠡᠯᠴᠢᠬᠡᠷ ᠤᠨ ᠵᠠᠭᠠᠭ ᠬᠡᠷᠡᠴᠢ ᠪᠤᠯᠵᠤ ᠪᠤᠢ᠃ ᠡᠨᠡ ᠬᠠᠪᠢ ᠶᠢᠨ ᠠᠬᠠᠮᠠᠳ ᠨᠠᠰᠤᠳᠠᠳ | ᠤᠷᠢᠳᠤ ᠶᠢᠨ ᠵᠤᠭᠤᠭ ᠢᠶᠠᠨ ᠶᠠᠷᠢᠯᠳᠤᠬᠤ ᠳᠠᠭᠠᠨ ︽ᠳᠡᠷᠡ ᠴᠢᠨᠢ ᠨᠤᠬᠠᠢ ᠰᠠᠭᠤᠳᠠᠭ᠂ ᠳᠡᠷᠡ ᠨᠢ ᠪᠦᠳᠦᠬᠦᠨᠬᠤᠸᠠ︾ | ᠬᠡᠵᠦ ᠬᠤᠯᠠ ᠤᠶᠢᠷ᠎ᠠ ᠶᠢᠨ ᠪᠠᠷ᠎ᠠ ᠶᠢ ᠵᠢᠭᠠᠵᠤ ᠨᠠᠷᠢᠨ ᠳᠤᠳᠤ ᠶᠠᠷᠢᠵᠠᠭᠠᠳᠠᠭ᠃ | | ᠰᠠᠭᠠᠭ ᠤᠨ ᠬᠤᠸᠠ | | ᠰᠢᠪᠠᠭᠳᠤ ᠬᠤᠸᠠ ᠶᠢᠨ ᠪᠠᠷᠠᠭᠤᠨ ᠳᠠᠯ᠎ᠠ ᠪᠠᠷ ᠡᠮᠦᠨᠡᠰᠢ ᠵᠠᠯᠭᠠᠯᠳᠤᠭᠰᠠᠨ ᠢ ᠨᠢ ᠬᠦᠮᠦᠰ ᠰᠠᠭᠠᠭ ᠤᠨ ᠬᠤᠸᠠ | ᠬᠡᠵᠦ ᠨᠡᠷᠡᠯᠡᠬᠡᠳ ᠤᠨ ᠤᠳᠠᠭᠰᠠᠨ ᠬᠡᠳᠡᠭ᠃ ᠰᠠᠭᠠᠭ ᠤᠨ ᠬᠤᠸᠠ ᠨᠢ ᠬᠡᠳᠦᠶᠢᠪᠡᠷ ᠳᠡᠳᠦᠢ ᠦᠨᠳᠦᠷ ᠰᠦᠷᠯᠢᠭ | ᠪᠢᠰᠢ ᠴᠦ ᠵᠡᠭᠦᠨ ᠪᠠᠷᠠᠭᠤᠨ ᠠᠶᠢᠯ ᠢ ᠵᠠᠭᠠᠭᠯᠠᠭᠰᠠᠨ ᠢᠶᠠᠷ ᠪᠠᠷᠠᠬᠤ ᠦᠬᠡᠢ ᠵᠠᠮ ᠴᠤᠪᠤᠭ᠎ᠠ ᠨᠢ ᠪᠡᠷᠬᠡ ᠭᠠᠴᠢᠭ ᠲᠠᠢ | ᠶᠤᠮ᠃ ᠨᠤᠶᠠᠨ ᠰᠦᠮ᠎ᠡ ᠳᠤ ᠤᠴᠢᠬᠤ ᠪᠤᠶᠤ ᠵᠡᠭᠦᠨᠰᠢ ᠭᠠᠷᠬᠤ ᠬᠦᠮᠦᠰ ᠨᠢᠬᠡ ᠵᠠᠮ ᠢᠶᠠᠷ ᠴᠤᠪᠤᠷᠠᠨ᠂ ᠬᠤᠸᠠ ᠶᠢᠨ | ᠵᠡᠭᠦᠨ ᠳᠤᠤᠷᠠᠬᠢ ᠭᠤᠤ ᠨᠢ ᠠᠴᠢᠶ᠎ᠠ ᠬᠦᠰᠬᠡ ᠲᠠᠢ ᠠᠶᠠᠨᠴᠢᠳ ᠢ ᠳᠤᠷᠴᠦ ᠬᠠᠰᠢᠬᠤ ᠪᠤᠶᠤ ᠬᠡᠯᠳᠡᠬᠡᠢ ᠵᠠᠮ ᠳᠤᠨᠢ | ᠠᠴᠢᠶ᠎ᠠ ᠪᠠᠨ ᠤᠩᠬᠤᠯᠤᠭᠤᠯᠬᠤ ᠶᠠᠪᠤᠳᠠᠯ ᠵᠦᠩᠳᠡᠬᠡᠨ ᠭᠠᠷᠳᠠᠭ ᠬᠡᠨ᠎ᠡ᠃ | ᠰᠠᠭᠠᠭ ᠤᠨ ᠬᠤᠸᠠ ᠬᠡᠬᠦ ᠨᠡᠷᠡᠶᠢᠳᠦᠯ ᠤᠨ ᠳᠤᠬᠠᠢ ᠨᠤᠳᠤᠭ ᠤᠨ ᠬᠦᠮᠦᠰ ᠠᠴᠠ ᠠᠰᠠᠭᠤᠨ ᠨᠠᠷᠢᠪᠴᠢᠯᠠᠪᠠᠯ᠄ | — ᠠᠩᠬ᠎ᠠ ᠡᠷᠳᠡ ᠶᠢᠨ ᠦᠶ᠎ᠡ ᠳᠤ ᠠᠳᠡᠬᠢ ᠶᠢᠨ ᠬᠦᠷᠦᠰᠦ ᠰᠢᠷᠤᠢ ᠰᠢᠮᠡᠯᠢᠭ᠂ ᠤᠢ ᠤᠷᠭᠤᠮᠠᠯ ᠡᠯᠪᠡᠭ | ᠵᠤᠵᠠᠭᠠᠨ ᠪᠠᠶᠢᠵᠠᠢ᠃ ᠬᠤᠷ᠎ᠠ ᠪᠤᠷᠤᠭᠠᠨ ᠵᠤᠬᠢᠴᠠᠭᠰᠠᠨ ᠵᠢᠯ ᠳᠤ ᠬᠤᠸᠠ ᠶᠢᠨ ᠬᠠᠪᠢ ᠪᠠᠷ ᠵᠦᠢᠯ ᠤᠨ ᠤᠷᠭᠤᠮᠠᠯ | ᠠᠮᠢᠯᠠᠨ ᠶᠠᠩᠵᠤ ᠶᠢᠨ ᠦᠵᠡᠮᠵᠢ ᠪᠦᠷᠢᠳᠦᠬᠡᠳ ᠤᠨᠴᠠ ᠶᠢᠨ ᠰᠠᠶᠢᠬᠠᠨ ᠭᠠᠵᠠᠷ ᠬᠡᠨ᠎ᠡ᠃ ᠬᠤᠸᠠ ᠶᠢᠨ ᠵᠡᠭᠦᠨ | ᠡᠮᠦᠨ᠎ᠡ ᠳᠤᠤᠷ᠎ᠠ ᠬᠤᠰᠢᠭᠤ ᠵᠠᠰᠠᠭ ᠸᠠᠩ ᠤᠨ ᠰᠠᠩ ᠬᠦᠮᠦᠷᠬᠡ ᠶᠢᠨ ᠪᠦᠮᠪᠦᠬᠡᠨ ᠬᠡᠷ ᠪᠠᠶᠢᠳᠠᠭ ᠠᠴᠠ ᠠᠮᠤ ᠬᠦᠨᠡᠰᠦ | ᠪᠠᠨ ᠨᠦᠬᠡᠴᠡᠯᠡᠳᠡᠭ᠃ ᠳᠡᠷᠡ ᠦᠶ᠎ᠡ ᠳᠤ ᠡᠨᠡ ᠬᠤᠸᠠ ᠶᠢᠨ ᠬᠠᠪᠢ ᠪᠠᠷ ᠰᠠᠭᠠᠭ ᠳᠠᠷᠢᠵᠤ ᠸᠠᠩ ᠤᠨ ᠤᠷᠳᠤᠨ ᠳᠤ | ᠬᠦᠷᠬᠡᠨ ᠦᠭᠳᠡᠭ ᠠᠴᠠ ︽ᠰᠠᠭᠠᠭ ᠤᠨ ᠬᠤᠸᠠ︾ ᠬᠡᠵᠦ ᠨᠡᠷᠡᠯᠡᠯ᠎ᠡ ᠬᠡᠮᠡᠨ ᠬᠠᠭᠤᠴᠢᠯᠠᠳᠠᠭ᠃ | ᠰᠠᠭᠠᠭ ᠤᠨ ᠬᠤᠸᠠ ᠶᠢᠨ ᠬᠠᠪᠢ ᠪᠠᠷ ᠳᠠᠷᠢᠶ᠎ᠠ ᠳᠠᠷᠢᠭᠰᠠᠨ ᠤᠷᠤ ᠮᠦᠷ ᠬᠠᠶᠠ ᠬᠠᠷᠠᠭᠳᠠᠬᠤ ᠮᠦᠷᠳᠡᠬᠡᠨ | ᠤᠳᠤ ᠴᠦ ᠬᠡᠰᠡᠨ ᠬᠠᠵᠠᠭᠤ ᠬᠠᠪᠢ ᠶᠢᠨ ᠬᠦᠮᠦᠰ ᠬᠤᠸᠠ ᠶᠢᠨ ᠬᠤᠷᠮᠤᠢ ᠪᠠᠷ ᠳᠠᠷᠢᠶ᠎ᠠ ᠳᠦᠮᠦᠰᠦ ᠳᠠᠷᠢᠵᠤ ᠪᠠᠶᠢᠳᠠᠭ | ᠃ ᠡᠳᠡᠬᠡᠷ ᠨᠢ ᠠᠯᠢ ᠡᠷᠳᠡ ᠠᠴᠠ ᠠᠳᠡᠬᠢ ᠶᠢᠨ ᠭᠠᠵᠠᠷ ᠰᠢᠷᠤᠢ ᠰᠢᠮᠡᠯᠢᠭ᠂ ᠤᠯᠠᠨ ᠵᠦᠢᠯ ᠤᠨ ᠦᠷ᠎ᠡ ᠤᠷᠭᠤᠮᠠᠯ ᠢ | ᠳᠠᠷᠢᠬᠤ ᠳᠤ ᠳᠤᠬᠢᠳᠠᠢ᠂ ᠳᠠᠷᠢᠶᠠᠯᠠᠬᠤ ᠰᠤᠶᠤᠯ ᠤᠨ ᠨᠦᠯᠦᠬᠡ ᠶᠢ ᠡᠷᠳᠡ ᠬᠦᠷᠳᠡᠯ᠎ᠡ ᠬᠡᠳᠡᠭ ᠢ ᠵᠤᠬᠢᠬᠤ ᠬᠡᠮᠵᠢᠶ᠎ᠡ | ᠪᠠᠷ ᠬᠠᠷᠠᠭᠤᠯᠵᠤ ᠪᠤᠢ᠃ | | ᠳᠤᠭᠤᠷᠤᠤᠳᠤ ᠬᠤᠸᠠ | | ᠰᠢᠪᠠᠭᠳᠤ ᠬᠤᠸᠠ ᠶᠢᠨ ᠪᠠᠷᠠᠭᠤᠨ ᠡᠮᠦᠨ᠎ᠡ ᠨᠢ ᠵᠠᠯᠭᠠᠨ ᠦᠷᠬᠦᠯᠵᠢᠯᠡᠬᠦ ᠬᠤᠸᠠ ᠶᠢ ᠬᠦᠮᠦᠰ ︽ | ᠳᠤᠭᠤᠷᠤᠤᠳᠤ ᠬᠤᠸᠠ︾ ᠬᠡᠳᠡᠭ᠃ ᠶᠠᠭᠠᠬᠢᠭᠠᠳ ᠡᠶᠢᠨᠬᠦ ᠨᠡᠷᠡᠯᠡᠪᠡ ᠬᠡᠪᠡᠯ᠄ | — ᠠᠩᠬ᠎ᠠ ᠤᠷᠢᠳᠤ ᠶᠢᠨ ᠦᠶ᠎ᠡ ᠳᠤ ᠬᠤᠸᠠ ᠳᠤᠯᠤᠭᠠᠳ ᠢᠶᠠᠷ ᠬᠢᠯᠭᠠᠨ᠎ᠠ᠂ ᠬᠢᠶᠠᠭ ᠡᠯᠪᠡᠭ ᠤᠷᠭᠤᠨ᠂ | ᠬᠤᠷ᠎ᠠ ᠪᠤᠷᠤᠭᠠᠨ ᠳᠤᠬᠢᠳᠠᠢ ᠪᠤᠯᠬᠤᠷ ᠵᠦᠢᠯ ᠤᠨ ᠴᠡᠴᠡᠭ ᠳᠡᠯᠬᠡᠷᠡᠨ ᠦᠩᠬᠡ ᠦᠵᠡᠮᠵᠢ ᠵᠤᠬᠢᠴᠠᠳᠠᠭ ᠢᠶᠠᠷ ᠳᠠᠯᠠᠨ | ᠬᠡᠯᠡᠳᠡᠨ ᠴᠤᠭᠯᠠᠷᠠᠨ ᠵᠠᠭᠤᠨ ᠰᠢᠪᠠᠭᠤᠳ ᠡᠬᠡᠨᠡᠭᠰᠢᠳᠡᠭ ᠬᠡᠨ᠎ᠡ᠃ ᠬᠠᠪᠤᠷ ᠤᠨ ᠤᠷᠢᠨ ᠪᠤᠯᠤᠮᠠᠭᠴᠠ ᠭᠠᠯᠠᠭᠤ | ᠳᠤᠭᠤᠳᠠᠭ ᠬᠤᠸᠠ ᠶᠢ ᠪᠦᠷᠬᠦᠨ ᠢᠷᠡᠬᠡᠳ ᠬᠤᠯᠠ ᠠᠴᠠ ᠬᠠᠷᠠᠬᠤ ᠳᠤ ᠬᠤᠨᠢ ᠢᠮᠠᠭᠠᠳ ᠪᠡᠯᠴᠢᠭᠰᠡᠨ ᠰᠢᠭ ᠳᠤᠩ | ᠴᠠᠭᠠᠨ ᠪᠠᠶᠢᠵᠠᠢ᠃ ᠬᠦᠮᠦᠰ ᠭᠠᠯᠠᠭᠤ ᠰᠢᠪᠠᠭᠤ ᠶᠢ ᠭᠠᠵᠠᠷ ᠤᠰᠤᠨ ᠤ ᠬᠡᠰᠢᠭ ᠬᠡᠮᠡᠨ ᠦᠵᠡᠳᠡᠭ ᠤᠨ ᠤᠴᠢᠷ ᠪᠡᠯᠬᠡ | ᠳᠡᠮᠪᠡᠷᠢᠯ ᠢ ᠬᠦᠨᠳᠦᠳᠬᠡᠨ ︽ᠳᠤᠭᠤᠷᠤᠤᠳᠤ ᠬᠤᠸᠠ︾ ᠬᠡᠵᠦ ᠨᠡᠷᠡᠯᠡᠬᠡᠳ ᠤᠨ ᠤᠨ ᠡᠩᠬᠡ ᠳᠠᠶᠢᠪᠤᠩ᠂ ᠪᠠᠶᠠᠨ | ᠳᠠᠩᠰᠤᠭ ᠪᠤᠯᠬᠤ ᠶᠢ ᠵᠦᠩᠨᠡᠯᠡ ᠬᠡᠵᠦ ᠤᠴᠢᠷ ᠢ ᠳᠤᠭᠠᠴᠢᠨ᠎ᠠ᠃ | ᠲᠦᠴᠢᠬᠡᠳ ᠵᠢᠯ ᠤᠨ ᠡᠮᠦᠨ᠎ᠡ ᠴᠦ ᠬᠤᠸᠠ ᠳᠤᠯᠤᠭᠠᠳ ᠢᠶᠠᠷ ᠳᠤᠭᠤᠳᠠᠭ ᠭᠠᠯᠠᠭᠤ ᠰᠦᠷᠦᠭᠯᠡᠨ ᠢᠷᠡᠵᠦ | ᠬᠤᠨᠢ ᠢᠮᠠᠭᠠᠳ ᠲᠠᠢ ᠴᠤᠭᠭᠠᠷ ᠪᠡᠯᠴᠢᠳᠡᠭ ᠪᠠᠶᠢᠵᠠᠢ᠃ ᠬᠦᠮᠦᠰ ᠡᠯᠳᠡᠪ ᠤᠨ ᠵᠡᠪᠰᠡᠭ ᠢᠶᠠᠷ ᠳᠤᠭᠤᠳᠠᠭ ᠠᠩᠨᠠᠬᠤ | ᠪᠠᠷ ᠪᠠᠷᠠᠬᠤ ᠦᠬᠡᠢ᠂ ᠡᠮᠦᠨ᠎ᠡ ᠹᠷᠤᠨᠲ ᠶᠢ ᠳᠡᠮᠵᠢᠬᠦ ᠬᠡᠵᠦ ᠠᠶᠢᠯ ᠬᠤᠳᠠ ᠪᠠᠷ ᠢᠶᠠᠨ ᠬᠦᠳᠡᠯᠦᠯᠴᠡᠨ ᠠᠩᠨᠠᠭᠰᠠᠨ | ᠢᠶᠠᠷ ᠬᠡᠳᠦᠬᠡᠨ ᠵᠢᠯ ᠳᠤ ᠰᠢᠪᠠᠭᠤᠳ ᠤᠨ ᠪᠠᠷ᠎ᠠ ᠳᠠᠰᠤᠷᠠᠨ ᠪᠡᠯᠴᠢᠬᠡᠷ ᠤᠰᠤ ᠰᠢᠩᠬᠡᠷᠡᠨ ᠳᠠᠴᠢᠷᠳᠠᠯᠠ ᠬᠡᠵᠦ | ᠡᠪᠦᠬᠡᠳ ᠬᠠᠭᠤᠴᠢᠯᠠᠨ᠎ᠠ᠃ | — ᠳᠡᠬᠡᠬᠡᠳ ᠬᠡᠳᠦᠢ ᠠᠩᠨᠠᠳᠠᠭ ᠪᠠᠶᠢᠪᠠ︖ ᠬᠡᠵᠦ ᠠᠰᠠᠭᠤᠬᠤ ᠳᠤ ᠵᠠᠷᠢᠮ ᠨᠢ᠄ | — ᠮᠤᠷᠢ ᠡᠯᠵᠢᠬᠡ ᠪᠠᠷ ᠳᠠᠭᠤᠵᠤ ᠠᠩᠨᠠᠵᠤ ᠪᠠᠶᠢᠯ᠎ᠠ᠂ ᠶᠠᠪᠠᠭᠠᠨ ᠢᠶᠠᠷ ᠴᠦ ᠠᠩᠨᠠᠵᠤ ᠶᠠᠪᠤᠯ᠎ᠠ ᠬᠡᠵᠦ | ᠰᠢᠭᠤᠳ ᠰᠢᠯᠤᠭᠤᠨ ᠶᠠᠷᠢᠳᠠᠭ᠃ | ᠪᠠᠶᠢᠭᠠᠯᠢ ᠶᠢᠨ ᠠᠷᠢᠶᠠᠳᠠᠨ ᠨᠢ ᠴᠦᠬᠡᠷᠡᠭᠰᠡᠨ ᠴᠦ ᠠᠭᠤᠯᠠ ᠳᠤᠯᠤᠭᠠᠳ ᠤᠨ ᠨᠡᠷ᠎ᠡ ᠨᠢ ᠠᠯᠢ ᠤᠵᠤᠭᠤᠷ | ᠤᠨ ᠰᠠᠶᠢᠬᠠᠨ ᠦᠵᠡᠮᠵᠢ᠂ ᠠᠷᠢᠶᠠᠳᠠᠨ ᠵᠢᠬᠦᠷᠳᠡᠨ ᠢ ᠬᠦᠮᠦᠰ ᠲᠤ ᠮᠡᠳᠡᠭᠦᠯᠳᠡᠭ᠃ | | | ᠵᠤᠬᠢᠶᠠᠭᠴᠢ᠄ ᠨᠠ᠊ · ᠵᠢᠷᠭᠠᠯ | ᠨᠠᠶᠢᠷᠠᠭᠤᠯᠤᠭᠴᠢ᠄ ᠴ᠊ · ᠰᠠᠷᠠᠭᠤᠯ | | |